ᠵᠢᠷᠭᠠᠯᠠᠩᠳᠣ ᠪᠠᠯᠭᠠᠰᠣ ᠨᠢ ᠬᠠᠩᠬᠢᠨ ᠬᠤᠰᠢᠭᠤᠨ ᠤ ᠵᠡᠬᠦᠨ ᠬᠤᠶᠢᠳᠣ ᠭᠡᠰᠡᠭ ᠲᠤ ᠪᠠᠶᠢᠷᠢᠰᠢᠨ᠂ ᠠᠷᠣ ᠪᠠᠷ ᠢᠶᠠᠨ | ᠬᠠᠳᠣᠨ ᠭᠤᠣᠯ ᠲᠣᠬᠤᠶᠢᠳᠠᠭᠰᠠᠨ ᠲᠠᠷᠢᠶᠠᠯᠠᠬᠤ ᠪᠠᠯᠭᠠᠰᠣ ᠶᠤᠮ᠂ ᠵᠢᠷᠭᠠᠯᠠᠩᠳᠣ ᠪᠠᠯᠭᠠᠰᠣ ᠬᠤᠰᠢᠭᠤ ᠲᠦᠪ ᠠᠴᠠ 135 | ᠺᠢᠯᠤᠮᠧᠲᠷ ᠪᠠᠶᠢᠵᠣ᠂ ᠣᠮᠠᠷᠠᠳᠣ ᠦᠷᠬᠡᠷᠢᠭ ᠤᠨ40。43´᠂ ᠵᠠᠬᠦᠨ ᠣᠷᠳᠣᠷᠢᠭ ᠤᠨ107。57´ ᠳᠡᠭᠡᠷ᠎ᠡ ᠪᠤᠢ᠃ | ᠲᠡᠣᠬᠡᠨ ᠮᠠᠲ᠋ᠧᠷᠢᠶᠠᠯ ᠳᠤ ᠲᠡᠮᠳᠡᠭᠯᠡᠭᠰᠡᠨ ᠠᠴᠠ ᠦᠵᠡᠪᠡᠯ᠄ ᠴᠠᠭᠠᠭᠴᠢᠨ ᠭᠠᠭ᠋ᠠᠢ ᠵᠢᠯ ᠤᠨ ᠬᠤᠪᠢᠰᠬᠠᠯ ᠤᠨ ᠦᠶ᠎ᠡ ᠳᠤ ︽ | ᠲᠣᠭᠤᠶᠢᠯᠠᠩ︾ ᠤᠨ ᠬᠦᠳᠡᠯᠭᠡᠭᠡᠨ ᠤ ᠣᠳᠣᠷᠢᠳᠣᠭᠴᠢ ᠸᠠᠩᠳᠠᠠᠨᠢᠮᠠ ︵ᠯᠠᠮᠠ ᠭᠠᠷᠣᠯ ᠲᠠᠢ︶ ᠡᠨᠡ ᠬᠦ ᠭᠠᠵᠠᠷ ᠣᠷᠣᠨ ᠢᠶᠠᠷ | ᠵᠡᠪᠰᠡᠭᠳᠣ ᠲᠡᠮᠡᠴᠡᠯ ᠢ ᠣᠳᠣᠷᠢᠳᠣᠨ ᠬᠦᠳᠡᠯᠬᠡᠬᠡᠨ ᠬᠢᠵᠣ ᠪᠠᠶᠢᠭᠠᠳ ᠡᠬᠡᠨᠡᠷ ᠠᠪᠴᠣ ᠱᠠᠰᠢᠨ ᠠᠴᠠ ᠭᠠᠷᠣᠭᠰᠠᠨ ᠪᠠᠶᠢᠪᠠ᠃ | ᠲᠡᠷᠡ ᠬᠤᠪᠢᠰᠠᠬᠯ ᠤᠨ ᠬᠦᠳᠡᠯᠬᠡᠬᠡᠨ ᠪᠠ ᠨᠠᠰᠣᠨ ᠲᠣᠷᠰᠢ ᠶᠢᠨ ᠪᠠᠶᠠᠷᠳᠣ ᠣᠴᠢᠷ ᠢᠶᠠᠨ ᠲᠣᠷᠠᠰᠬᠠᠬᠤ ᠶᠢᠨ ᠲᠦᠯᠦᠬᠡ ᠡᠨᠡ | ᠬᠦ ᠭᠠᠵᠠᠷ ᠲᠤ ᠨᠢᠭᠡᠨ ᠣᠪᠣᠭ᠎ᠠ ᠪᠣᠰᠠᠬᠵᠣ᠂ ︽ᠬᠦᠮᠦᠨ ᠶᠢᠷᠳᠢᠨᠴᠣ ᠶᠢᠨ ᠡᠩᠬᠡ ᠲᠠᠶᠢᠪᠣᠩ ᠵᠣᠯ ᠵᠢᠷᠭᠠᠯ ᠲᠠᠢ ᠪᠠᠶᠢᠬᠤ ᠶᠢ | ᠪᠡᠯᠬᠡᠯᠡᠬᠦ︾ ᠦᠵᠡᠯ ᠵᠣᠷᠢᠯᠲᠠ ᠪᠠᠷ ︽ᠵᠢᠷᠭᠠᠯᠠᠩᠳᠣ ᠶᠢᠨ ᠣᠪᠣᠭ᠎ᠠ︾ ᠭᠡᠵᠣ ᠪᠣᠰᠬᠠᠭᠰᠠᠨ ᠣᠪᠣᠭ᠎ᠠ ᠪᠠᠨ ᠨᠡᠷᠡᠯᠡᠵᠣ | ᠲᠠᠬᠢᠭᠰᠠᠨ ᠭᠡᠨ᠎ᠡ᠃ ᠵᠢᠷᠭᠠᠯᠠᠩᠳᠣ ᠭᠡᠬᠦ ᠨᠡᠷ᠎ᠡ ᠶᠢ ᠡᠨᠡ ᠬᠦ ᠣᠪᠣᠭᠠᠨ ᠤ ᠨᠡᠷ᠎ᠡ ᠪᠠᠷ ᠨᠡᠷᠡᠶᠢᠳᠦᠭᠰᠡᠨ ᠶᠤᠮ᠃ | ᠵᠢᠷᠭᠠᠯᠠᠩᠳᠣ ᠪᠠᠯᠭᠠᠰᠣ ᠨᠢ 6751 ᠡᠷᠦᠬᠡ 15236 ᠭᠦᠮᠦᠨ ᠲᠠᠢ ᠪᠠᠶᠢᠵᠣ᠂ ᠡᠬᠦᠨ ᠤ ᠳᠣᠲᠣᠷ᠎ᠠ ᠬᠦᠳᠡᠭᠡ | ᠲᠣᠰᠬᠤᠨ ᠤ ᠡᠷᠦᠬᠡ ᠠᠮᠠ14130᠂ ᠬᠤᠳᠠ ᠪᠠᠯᠭᠠᠰᠣᠨ ᠤ ᠡᠷᠦᠬᠡ ᠠᠮᠠ1106᠂ ᠪᠠᠶᠢᠩᠭᠤ ᠰᠠᠭᠤᠭ᠎ᠠ ᠡᠷᠦᠬᠡ | 3506᠂ ᠪᠠᠶᠢᠩᠭᠤ ᠰᠠᠭᠤᠭ᠎ᠠ ᠬᠦᠮᠦᠨ 9730 ᠪᠠᠶᠢᠨ᠎ᠠ᠃ ᠶᠡᠷᠦᠩᠬᠡᠢ ᠨᠤᠲᠤᠭ ᠳᠡᠪᠢᠰᠭᠡᠷ 2871 ᠲᠡᠭᠰᠢ | ᠲᠦᠷᠪᠡᠯᠵᠢᠨ ᠺᠢᠯᠤᠮᠧᠲᠷ᠂ ᠡᠬᠦᠨ ᠳᠤ ᠬᠦᠪᠴᠢ ᠶᠢᠨ ᠡᠯᠡᠰᠦᠨ ᠴᠦᠯ 2190 ᠲᠡᠭᠰᠢ ᠲᠦᠷᠪᠡᠯᠵᠢᠨ ᠺᠢᠯᠤᠮᠧᠲᠷ ᠢ | ᠡᠵᠡᠯᠡᠵᠣ᠂ ᠬᠠᠳᠣᠨ ᠭᠤᠣᠯ ᠪᠠᠷᠠᠭᠤᠨ ᠠᠴᠠ ᠵᠡᠬᠦᠨ ᠲᠡᠰᠢ ᠣᠷᠣᠰᠣᠨ ᠦᠩᠬᠡᠷᠡᠵᠣ᠂ 93 ᠺᠢᠯᠤᠮᠧᠲᠷ ᠤᠨ ᠭᠤᠣᠯ ᠤᠨ | ᠵᠠᠬ᠎ᠠ ᠲᠠᠢ᠃ ᠪᠦᠬᠦ ᠪᠠᠯᠭᠠᠰᠣᠨ ᠤ ᠲᠠᠷᠢᠶᠠᠨ ᠭᠠᠵᠠᠷ ᠤᠨ ᠲᠠᠯᠠᠪᠠᠢ 31.6 ᠲᠦᠮᠡᠨ ᠮᠤ᠋ ᠳᠤ ᠬᠦᠷᠴᠣ᠂ ᠡᠬᠦᠨ ᠤ | ᠲᠣᠳᠣᠷ᠎ᠡ ᠣᠰᠣᠨ ᠲᠠᠷᠢᠶ᠎ᠠ 18.1 ᠲᠦᠮᠡᠨ ᠮᠤ᠋᠂ ᠲᠠᠩ ᠤᠨ ᠭᠠᠵᠠᠷ13.5 ᠲᠦᠮᠡᠨ ᠮᠤ᠋᠂ ᠣᠢ ᠰᠢᠭᠤᠢ 26.34 | ᠲᠦᠮᠡᠨ ᠮᠤ᠋᠂ ᠪᠡᠯᠴᠢᠬᠡᠷ 363.3 ᠲᠦᠮᠡᠨ ᠮᠤ᠋᠂ ᠮᠠᠯ ᠤᠨ ᠲᠤᠭ᠎ᠠ ᠲᠣᠯᠣᠭᠠᠢ15.36 ᠲᠦᠮᠡ᠃ ᠨᠠᠷᠠᠠᠬᠤᠸᠠᠷ ᠤᠨ | ᠲᠠᠷᠢᠯᠭ᠎ᠠ ᠶᠢᠨ ᠲᠠᠯᠠᠪᠠᠢ ᠨᠢ 24 ᠲᠦᠮᠡᠨ ᠮᠤ᠋ ᠶᠢ ᠲᠠᠪᠠᠵᠣ᠂ ᠬᠤᠯᠠ ᠣᠶᠢᠷ᠎ᠠ ᠳᠤ ᠠᠯᠳᠠᠷᠰᠢᠭᠰᠠᠨ ︽ᠨᠠᠷᠠᠠᠬᠤᠸᠠᠷ ᠤᠨ | ᠨᠣᠳᠤᠭ︾ ᠬᠡᠮᠡᠬᠦ ᠴᠣᠯᠡ ᠶᠢ ᠬᠦᠷᠲᠡᠭᠰᠡᠨ ᠪᠠᠶᠢᠨ᠎ᠠ᠃ | ᠪᠦᠬᠦ ᠪᠠᠯᠭᠠᠰᠣᠨ ᠤ ᠬᠠᠷᠢᠶᠠᠨ ᠳᠤ12 ᠭᠠᠴᠠᠭ᠎ᠠ ᠲᠣᠰᠬᠤᠨ᠂ 1 ᠨᠡᠶᠢᠬᠡᠮ ᠲᠣᠭᠤᠷᠢᠭ᠂15 ᠨᠠᠮ ᠤᠨ ᠡᠭᠦᠷ᠂ | 496 ᠨᠠᠮ ᠤᠨ ᠭᠡᠰᠢᠬᠦᠨ ᠲᠠᠢ᠃ ᠪᠠᠯᠭᠠᠰᠣᠨ ᠤ ᠵᠠᠰᠠᠭ ᠤᠨ ᠣᠷᠳᠣᠨ ᠳᠤ ᠨᠡᠶᠢᠲᠡ75 ᠺᠠᠳ᠋ᠷ ᠠᠵᠢᠯᠳᠠᠨ ᠲᠠᠢ᠂ | ᠡᠬᠦᠨ ᠳᠤ 17 ᠵᠠᠰᠠᠭ ᠵᠠᠬᠢᠷᠭᠠᠨ ᠤ ᠠᠵᠢᠯᠳᠠᠨ ︵ᠣᠳᠣᠷᠢᠳᠣᠯᠭ᠎ᠠ ᠺᠠᠳ᠋ᠷ 10 ᠬᠦᠮᠦᠨ᠂ ᠵᠠᠰᠠᠭ ᠵᠠᠬᠢᠷᠭᠠᠨ ᠤ ᠣᠷᠣᠨ | ᠲᠤᠭ᠎ᠠ 30︶᠂ 45 ᠡᠩ ᠤᠨ ᠺᠠᠳ᠋ᠷ ᠠᠵᠢᠯᠳᠠᠨ ︵ᠠᠵᠢᠯᠳᠠᠨ ᠤ ᠣᠷᠣᠨ ᠲᠤᠭ᠎ᠠ 25︶᠂ 13 ᠺᠠᠳ᠋ᠷ ᠠᠵᠢᠯᠳᠠᠨ | ᠲᠦᠷ ᠲᠣᠰᠢᠶᠠᠯ ᠡᠬᠦᠷᠬᠡᠯᠡᠵᠣ ᠲᠠᠪᠳᠠᠨ ᠪᠣᠯᠪᠠᠰᠣᠷᠠᠭᠤᠯᠵᠣ ᠪᠤᠢ᠃ | ᠣᠶᠢᠷ᠎ᠠ ᠶᠢᠨ ᠵᠢᠯ ᠠᠴᠠ᠂ ᠵᠢᠷᠭᠠᠯᠠᠩᠳᠣ ᠪᠠᠯᠭᠠᠰᠣᠨ ᠤ ᠨᠠᠮ ᠤᠨ ᠬᠤᠷᠢᠶ᠎ᠠ᠂ ᠵᠠᠰᠠᠭ ᠤᠨ ᠣᠷᠳᠣᠨ ᠤ ᠵᠦᠪ | ᠤᠨᠣᠪᠴᠢᠳᠠᠢ ᠣᠳᠣᠷᠢᠳᠣᠯᠭ᠎ᠠ ᠳᠣᠣᠷ᠎ᠠ᠂ ᠦᠷᠬᠡᠨ ᠣᠯᠠᠨ ᠺᠠᠳ᠋ᠷ ᠮᠠᠯᠴᠢᠨ ᠲᠠᠷᠢᠶᠠᠴᠢᠨ ᠣᠯᠠᠨ ᠲᠦᠮᠡᠨ ᠤ ᠬᠠᠮᠳᠣ ᠶᠢᠨ | ᠴᠢᠷᠮᠠᠶᠢᠯᠠᠭ᠎ᠠ ᠪᠠᠷ᠂ ᠠᠵᠣ ᠠᠬᠤᠢ ᠶᠢᠨ ᠬᠦᠭᠵᠢᠯᠲᠡ ᠶᠢᠨ ᠬᠡᠯᠪᠡᠷᠢ ᠪᠠᠨ ᠦᠬᠡᠷᠡᠴᠢᠯᠡᠬᠦ ᠬᠤᠷᠳᠣᠴᠠ ᠪᠠᠨ ᠨᠡᠮᠡᠭᠳᠡᠬᠦᠯᠬᠦ ᠪᠠᠷ | ᠭᠤᠣᠯ ᠱᠣᠭᠤᠮ ᠢᠶᠠᠨ ᠪᠣᠯᠭᠠᠵᠣ᠂ ᠠᠷᠠᠳ ᠤᠨ ᠠᠮᠢᠳᠣᠷᠠᠯ ᠢ ᠪᠠᠳᠣᠯᠠᠨ ᠰᠠᠶᠢᠵᠢᠷᠠᠭᠤᠯᠬᠤ ᠪᠠᠷ ᠦᠨᠳᠦᠰᠦ ᠪᠣᠯᠭᠠᠨ᠂ ︽ | ᠬᠠᠳᠣᠨ ᠭᠤᠣᠯ ᠲᠠᠭᠠᠣ ᠠᠵᠣ ᠠᠬᠤᠢ ᠶᠢᠨ ᠪᠦᠰᠡ ᠶᠢ ᠪᠦᠳᠦᠬᠡᠨ ᠪᠠᠶᠢᠭᠤᠯᠬᠤ ᠪᠠᠶᠢᠯᠳᠣᠬᠤ ᠪᠣᠳᠣᠯᠭ᠎ᠠ ᠶᠢᠨ | ᠪᠠᠶᠢᠷᠢᠯᠠᠭᠤᠯᠣᠯᠲᠠ᠂ ︿ᠨᠢᠭᠡ ᠲᠣᠭᠤᠷᠢᠭ᠂ ᠠᠷᠪᠠᠨ ᠠᠵᠣ ᠠᠬᠤᠶᠢᠯᠠᠯ᠂ ᠵᠠᠭᠤᠨ ᠠᠶᠢᠯ᠂ ᠮᠢᠩᠭᠠᠨ ᠡᠷᠦᠬᠡ﹀ ᠶᠢᠨ | ᠢᠨᠵᠧᠨᠧᠷᠢᠩ᠂ ︿ᠨᠠᠷᠠᠠᠬᠤᠸᠠᠷ᠂ ᠠᠯᠠᠰᠢᠨ ᠬᠤᠨᠢ᠂ ᠠᠯᠠᠰᠢᠨ ᠦᠬᠡᠷ᠂ ᠣᠰᠣᠨ ᠭᠠᠷᠣᠯᠲᠠ᠂ ᠡᠯᠡᠰᠣ ᠮᠠᠩᠬᠠᠨ ᠤ | ᠵᠢᠭᠤᠯᠴᠢᠯᠠᠯ﹀ ᠵᠡᠷᠬᠡ ᠲᠠᠪᠣᠨ ᠲᠥᠷᠥᠯ ᠵᠦᠢᠯ ᠢ ᠶᠡᠬᠡᠪᠡᠷ ᠬᠦᠭᠵᠢᠬᠦᠯᠬᠦ᠂ ᠠᠷᠪᠠᠨ ᠰᠢᠨ᠎ᠡ ᠬᠡᠯᠪᠡᠷᠢ ᠶᠢᠨ ᠬᠦᠳᠡᠭᠡ | ᠲᠣᠰᠬᠤᠨ ᠢ ᠨᠢᠬᠡᠳᠦᠬᠦᠯᠦᠨ ᠦᠬᠡᠷᠡᠴᠢᠯᠡᠬᠦ᠂ ᠣᠳᠣᠬᠢᠴᠢᠯᠠᠭᠰᠠᠨ ᠮᠠᠯ ᠠᠵᠣ ᠠᠬᠤᠢ ᠶᠢᠨ ᠬᠦᠴᠦᠷᠬᠡᠭ ᠪᠠᠯᠭᠠᠰᠣ ᠶᠢ ᠪᠦᠬᠦ | ᠲᠠᠯ᠎ᠠ ᠪᠠᠷ ᠪᠦᠳᠦᠬᠡᠨ ᠪᠠᠶᠢᠭᠤᠯᠬᠤ︾ ᠶᠡᠷᠦᠩᠬᠡᠢ ᠰᠡᠳᠬᠢᠴᠡ ᠶᠢ ᠡᠮᠬᠢ ᠲᠢᠭᠯᠢᠮ ᠲᠠᠢ ᠲᠦᠯᠬᠢᠨ ᠠᠬᠢᠭᠤᠯᠵᠣ᠂ | ᠵᠠᠪᠰᠢᠶᠠᠨ ᠢ ᠪᠠᠷᠢᠮᠲᠠᠯᠠᠨ᠂ ᠡᠷᠴᠢᠮᠲᠡᠢ ᠲᠣᠣᠱᠯᠠᠭᠤᠯᠵᠣ᠂ ᠬᠢᠨᠠᠮᠠᠭᠠᠢ ᠠᠵᠢᠯᠯᠠᠵᠣ᠂ ᠨᠡᠶᠢᠬᠡᠮ ᠠᠵᠣ ᠠᠬᠤᠢ ᠶᠢᠨ ᠡᠯ᠎ᠡ | ᠲᠠᠯ᠎ᠠ ᠶᠢᠨ ᠠᠵᠢᠯ ᠦᠢᠯᠡᠰ ᠪᠦᠬᠦ ᠲᠠᠯ᠎ᠠ ᠪᠠᠷ ᠬᠥᠭᠵᠢᠪᠡ᠃ | | | |