ᠪᠠᠯᠭᠤᠨ ᠪᠠᠯᠭᠠᠰᠣ ᠨᠢ ᠣᠷᠳᠣᠰ ᠤᠨ ᠦᠨᠳᠦᠷᠯᠢᠭ ᠤᠨ ᠪᠠᠷᠠᠭᠤᠨ ᠬᠤᠶᠢᠳᠣ ᠬᠡᠰᠡᠭ ᠲᠤ ᠣᠷᠣᠰᠢᠵᠣ᠂ ᠬᠤᠶᠢᠳᠣ | ᠲᠠᠯ᠎ᠠ ᠪᠠᠷ ᠢᠶᠠᠨ ᠬᠠᠳᠣᠨ ᠭᠤᠣᠯ ᠤᠨ ᠰᠠᠨ ᠱᠧᠩ ᠬᠦᠩ ᠤᠨ ᠣᠰᠣᠨ ᠠᠰᠢᠭᠯᠠᠯᠲᠠ ᠶᠢᠨ ᠵᠠᠩᠭᠢᠯᠠᠭ᠎ᠠ ᠶᠢᠨ ᠢᠨᠵᠧᠨᠧᠷᠢᠩ | ᠲᠠᠢ ᠵᠠᠯᠭᠠᠯᠳᠣᠨ᠂ ᠪᠠᠶᠠᠠᠨᠠᠭᠤᠷ ᠬᠤᠳᠠ ᠶᠢᠨ ᠳ᠋ᠧᠩᠺᠸᠣ ᠰᠢᠶᠠᠨ ᠲᠠᠢ ᠬᠠᠳᠣᠨ ᠭᠤᠣᠯ ᠢᠶᠠᠷ ᠵᠠᠭᠠᠭᠯᠠᠵᠣ᠂ ᠡᠮᠦᠨᠡᠬᠦᠷ ᠢᠶᠠᠨ | ᠣᠷᠳᠣᠰ ᠤᠨ ᠦᠨᠳᠦᠷᠯᠢᠭ ᠲᠠᠢ ᠵᠠᠯᠭᠠᠨ᠂ ᠪᠠᠷᠠᠭᠤᠨ ᠲᠠᠯ᠎ᠠ ᠪᠠᠷ ᠢᠶᠠᠨ ᠠᠵᠣ ᠦᠢᠯᠡᠣᠪᠣᠷᠢ ᠶᠢᠨ ᠬᠤᠳᠠ ᠦᠬᠠᠢ ᠲᠠᠢ | ᠬᠦᠷᠰᠢᠯᠡᠵᠣ᠂ ᠵᠡᠬᠦᠨ ᠲᠠᠯ᠎ᠠ ᠪᠠᠷ ᠢᠶᠠᠨ ᠬᠠᠩᠬᠢᠨ ᠬᠤᠰᠢᠭᠤᠨ ᠤ ᠵᠠᠭᠤᠨ ᠲᠦᠮᠡᠨ ᠮᠤ᠋ ᠭᠤᠣᠯ ᠤᠨ ᠲᠣᠬᠤᠢ ᠶᠢᠨ | ᠣᠰᠣᠯᠠᠯᠲᠠ ᠶᠢᠨ ᠭᠠᠵᠠᠷ ᠲᠠᠢ ᠨᠡᠶᠢᠯᠡᠵᠣ ᠪᠣᠢ᠃ ᠡᠨᠡ ᠬᠦ ᠭᠠᠵᠠᠷ ᠤᠨ ᠡᠮᠦᠨ᠎ᠡ ᠠᠮᠠᠨ ᠳᠤ ᠪᠠᠯᠭᠤᠨ᠎ᠠ ︵ᠣᠰᠣᠨ ᠰᠣᠬᠠᠢ︶ | ᠮᠣᠳᠣ ᠣᠷᠭᠤᠵᠣ ᠪᠠᠶᠢᠳᠠᠭ᠃ ᠡᠶᠢᠮᠣ ᠶᠢᠨ ᠲᠤᠯᠠ ᠢᠩᠬᠢᠵᠣ ᠨᠡᠷ᠎ᠡ ᠠᠪᠴᠠᠢ᠃ ᠣᠣᠯ ᠳᠠᠭᠠᠨ ᠵᠢᠶᠠᠨ ᠱᠧ ᠰᠢᠶᠠᠩ ᠤᠨ | ᠴᠢᠶᠣᠣ ᠲᠧᠦ ᠲᠣᠰᠬᠤᠨ ᠪᠠᠶᠢᠵᠠᠢ᠃1984 ᠣᠨ ᠤ 4 ᠳ᠋ᠣᠭᠡᠷ ᠰᠠᠷ᠎ᠠ ᠳᠤ ᠦᠪᠦᠷ ᠮᠣᠩᠭᠤᠯ ᠤᠨ ᠦᠪᠡᠷᠳᠡᠬᠡᠨ ᠵᠠᠰᠠᠬᠤ | ᠣᠷᠣᠨ ᠤ ᠵᠠᠰᠠᠭ ᠤᠨ ᠣᠷᠳᠣᠨ ᠠᠴᠠ ᠪᠠᠯᠭᠠᠰᠣ ᠪᠣᠯᠭᠠᠨ ᠪᠠᠶᠢᠭᠤᠯᠬᠤ ᠶᠢ ᠵᠦᠪᠰᠢᠶᠡᠷᠡᠵᠣ᠂ ᠪᠠᠯᠭᠤᠨ ᠪᠠᠯᠭᠠᠰᠣ ᠬᠡᠮᠡᠨ | ᠨᠡᠷᠡᠶᠢᠳᠦᠭᠰᠡᠨ ᠶᠤᠮ᠃ ᠢᠩᠬᠢᠬᠡᠳ ᠵᠢᠶᠠᠨ ᠱᠧ ᠰᠢᠶᠠᠩ ᠢ ᠬᠠᠰᠣᠵᠣ ᠪᠠᠯᠭᠤᠨ ᠪᠠᠯᠭᠠᠰᠣ ᠭᠡᠮᠡᠨ ᠪᠠᠶᠢᠭᠤᠯᠣᠭᠳᠠᠭᠰᠠᠨ | ᠪᠠᠶᠢᠨ᠎ᠠ᠃ | ᠪᠠᠯᠭᠤᠨ ᠪᠠᠯᠭᠠᠰᠣᠨ ᠳᠤ ᠨᠢᠭᠡ ᠨᠡᠶᠢᠬᠡᠮ ᠤᠨ ᠲᠣᠭᠤᠷᠢᠭ ᠪᠠ ᠵᠢᠷᠭᠤᠭᠠᠨ ᠵᠠᠰᠠᠭ ᠵᠠᠬᠢᠷᠭᠠᠨ ᠤ ᠲᠣᠰᠬᠤᠨ ᠲᠠᠢ᠃ | ᠪᠠᠯᠭᠠᠰᠣᠨ ᠳᠤ ᠰᠠᠭᠤᠭ᠎ᠠ ᠪᠣᠶᠣ ᠪᠠᠯᠭᠠᠰᠣᠨ ᠤ ᠰᠢᠭᠤᠳ ᠬᠠᠷᠢᠶ᠎ᠠ ᠪᠠᠶᠢᠭᠤᠯᠭ᠎ᠠ ᠨᠢᠭᠡᠴᠡ᠂ ᠠᠵᠢᠯ ᠦᠢᠯᠡᠰ ᠠᠵᠣ | ᠠᠬᠤᠶᠢᠯᠠᠯ ᠤᠨ ᠪᠠᠶᠢᠭᠤᠯᠭ᠎ᠠ ᠨᠢᠭᠡᠴᠡ ᠨᠡᠶᠢᠲᠡ46 ᠪᠠᠶᠢᠵᠣ᠂ ᠵᠠᠰᠠᠭ ᠵᠠᠬᠢᠷᠭᠠᠨ ᠤ ᠪᠠᠶᠢᠭᠤᠯᠣᠮᠵᠢ ᠳᠤ 48 ᠬᠦᠮᠦᠨ ᠲᠠᠢ᠂ | ᠨᠠᠮ ᠤᠨ ᠵᠣᠬᠢᠶᠠᠨ ᠪᠠᠶᠢᠭᠤᠯᠣᠯᠲᠠ15᠂ ᠨᠡᠶᠢᠲᠡ 442 ᠨᠠᠮ ᠤᠨ ᠬᠡᠰᠢᠬᠦᠨ ᠲᠠᠢ ᠶᠤᠮ᠃ ᠪᠦᠬᠦ ᠪᠠᠯᠭᠠᠰᠣᠨ ᠳᠤ | ᠨᠡᠶᠢᠲᠡ16887 ᠬᠦᠮᠦᠨ ᠠᠮᠠ ᠲᠠᠢ ᠪᠠᠶᠢᠵᠣ᠂ 7662 ᠮᠠᠯᠴᠢᠨ ᠲᠠᠷᠢᠶᠠᠴᠢᠳ ᠲᠠᠢ᠃ ᠪᠠᠯᠭᠠᠰᠣᠨ ᠤ ᠶᠡᠷᠦᠩᠬᠡᠢ | ᠲᠠᠯᠠᠪᠠᠢ ᠨᠢ1859 ᠲᠡᠭᠰᠢ ᠲᠦᠷᠪᠡᠯᠵᠢᠨ ᠺᠢᠯᠤᠮᠧᠲᠷ ᠪᠠᠶᠢᠵᠣ᠂ ᠨᠡᠶᠢᠲᠡ5.7 ᠲᠦᠮᠡᠨ ᠮᠤ᠋ ᠶᠢᠨ ᠬᠠᠭᠠᠯᠪᠣᠷᠢᠯᠠᠭᠰᠠᠨ | ᠭᠠᠵᠠᠷ ᠪᠠ 220 ᠲᠦᠮᠡᠨ ᠮᠤ᠋ ᠪᠡᠯᠴᠢᠬᠡᠷ ᠨᠤᠳᠤᠭ ᠲᠠᠢ᠂ ᠮᠠᠯ ᠰᠦᠷᠦᠭ ᠤᠨ ᠶᠡᠷᠦᠩᠬᠡᠢ ᠲᠤᠭ᠎ᠠ ᠨᠢ ᠨᠢᠬᠡᠨᠳᠡ15 | ᠲᠦᠮᠡ ᠶᠢ ᠲᠠᠪᠠᠪᠠ᠃ | | | | | ᠪᠠᠯᠭᠤᠨ ᠪᠠᠯᠭᠠᠰᠣᠨ ᠤ ᠡᠬᠢ ᠪᠠᠶᠠᠯᠢᠭ ᠡᠯᠪᠡᠭ ᠳᠡᠯᠪᠡᠭ᠂ ᠵᠠᠮ ᠬᠠᠷᠢᠯᠴᠠᠭ᠎ᠠ ᠲᠦᠭᠦᠮ ᠲᠦᠳᠡ᠃ ᠴᠢᠯᠠᠭᠤᠨ ᠲᠣᠰᠣ | ᠂ ᠬᠢᠮᠢ ᠶᠢᠨ ᠠᠵᠣ ᠦᠢᠯᠡᠳᠪᠣᠷᠢ ᠳᠤ ᠦᠷᠬᠡᠨ ᠢᠶᠠᠷ ᠬᠡᠷᠡᠭᠯᠡᠵᠦ ᠪᠣᠯᠬᠤ ᠣᠯᠣᠰ ᠤᠨ ᠲᠣᠳᠣᠭᠠᠳᠣ ᠭᠠᠳᠠᠭᠠᠳᠣ ᠳᠤ ᠴᠦ | ᠲᠤᠩ ᠬᠤᠪᠣᠷ ᠲᠡᠮᠦᠷᠯᠢᠭ ᠪᠣᠰᠦ ᠨᠠᠩᠬᠢ ᠰᠢᠷᠦᠢ ︿ᠬᠠᠩᠬᠢᠨ 2 ᠳ᠋ᠣᠭᠠᠷ ᠨᠣᠮᠧᠷᠳᠣ﹀ ᠬᠤᠪᠣᠷ ᠰᠢᠷᠦᠢ ᠶᠢ 10 | ᠳ᠋ᠦᠩᠰᠢᠭᠤᠷ ᠲᠣᠨ ᠬᠠᠳᠠᠭᠠᠯᠠᠭᠳᠠᠴᠠ ᠲᠠᠢ ᠪᠠᠶᠢᠬᠤ ᠶᠢ ᠲᠣᠳᠣᠯᠠᠵᠣ᠂ 8000 ᠲᠦᠮᠡᠨ ᠲᠣᠨ ᠵᠣᠭᠠᠩ᠂ 800 ᠲᠦᠮᠡᠨ | ᠲᠣᠨ ᠴᠠᠭᠠᠨ ᠬᠠᠶᠢᠷ ᠤᠨ ᠬᠠᠳᠠᠭᠠᠯᠠᠭᠳᠠᠴᠠ ᠶᠢ ᠬᠠᠶᠢᠨ ᠰᠢᠨᠵᠢᠵᠦ ᠢᠯᠡᠷᠡᠬᠦᠯᠦᠭᠰᠡᠨ ᠪᠠᠶᠢᠨ᠎ᠠ ᠃ ᠴᠠᠩᠴᠢᠩ — ᠦᠬᠠᠢ | — ᠯᠢᠨ ᠾᠧ ᠶᠢᠨ ᠪᠠᠶᠢᠭᠠᠯᠢ ᠶᠢᠨ ᠰᠢᠳᠠᠮᠠᠬᠠᠢ ᠬᠡᠢ ᠲᠠᠮᠵᠢᠭᠤᠯᠬᠤ ᠬᠤᠭᠤᠯᠠᠢ᠂ ᠪᠡᠬᠡᠵᠢᠩ ᠠᠴᠠ ᠯᠠᠨᠵᠸᠣ ᠬᠦᠷᠳᠡᠯᠡᠬᠢ | ᠭᠡᠷᠡᠯ ᠲᠠᠲᠠᠯᠭ᠎ᠠ ᠪᠠᠯᠭᠠᠰᠤ ᠪᠠᠷ ᠳᠠᠮᠵᠢᠵᠤ᠂ ᠪᠡᠬᠡᠵᠢᠩ ᠠᠴᠠ ᠯᠠᠨᠵᠸᠣ ᠬᠦᠷᠬᠦ ᠲᠡᠮᠦᠷ ᠵᠠᠮ᠂ 110 ᠣᠯᠣᠰ ᠤᠨ ᠵᠠᠮ᠂ | ᠰᠢᠨᠡᠪᠠᠯᠭᠠᠠᠰᠣ ᠠᠴᠠ ᠳ᠋ᠧᠩᠺᠸᠣ ᠬᠦᠷᠬᠦ ᠱᠣᠭᠤᠮ᠂ ᠶᠠᠩ ᠰᠢ ᠭᠧ ᠵᠢᠥᠢ ᠠᠴᠠ ᠪᠠᠯᠭᠤᠨ ᠪᠠᠯᠭᠠᠰᠣ ᠬᠦᠷᠬᠦ ᠱᠣᠭᠤᠮ᠂ | ᠬᠠᠳᠣᠨ ᠭᠤᠣᠯ ᠲᠠᠭᠠᠣ ᠣᠯᠣᠰ ᠤᠨ ᠨᠢᠬᠡᠳᠦᠬᠡᠷ ᠲᠡᠰ ᠤᠨ ᠵᠠᠰᠠᠮᠠᠯ ᠵᠠᠮ᠂ ᠪᠡᠬᠡᠵᠢᠩ ᠠᠴᠠ ᠯᠾᠰᠠ ᠬᠦᠷᠬᠦ ᠦᠨᠳᠦᠷ | ᠬᠤᠷᠳᠣᠴᠠᠳᠣ ᠵᠠᠰᠠᠮᠠᠯ ᠵᠠᠮ ᠴᠦᠮ ᠪᠠᠯᠭᠤᠨ ᠪᠠᠯᠭᠠᠰᠣ ᠪᠠᠷ ᠨᠡᠪᠲᠡᠷᠡᠨ ᠦᠩᠬᠡᠷᠡᠵᠣ᠂ ᠦᠬᠠᠢ ᠬᠤᠳᠠ ᠶᠢᠨ ᠨᠢᠰᠬᠡᠯ ᠤᠨ | ᠪᠠᠭᠤᠳᠠᠯ ᠠᠴᠠ40 ᠺᠢᠯᠤᠮᠧᠲᠷ ᠵᠠᠢ ᠲᠠᠢ ᠪᠠᠶᠢᠵᠣ᠂ ᠪᠠᠯᠭᠤᠨ ᠪᠠᠯᠭᠠᠰᠣ ᠨᠢ ᠣᠷᠳᠣᠰ ᠬᠤᠳᠠ᠂ ᠦᠬᠠᠢ ᠬᠤᠳᠠ᠂ | ᠪᠠᠶᠠᠠᠨᠠᠭᠤᠷ ᠬᠤᠳᠠ᠂ ᠠᠯᠠᠱᠠ ᠠᠶᠢᠮᠠᠭ ᠵᠡᠷᠬᠡ ᠭᠠᠵᠠᠷ ᠣᠷᠣᠨ ᠤ ᠵᠠᠮ ᠬᠠᠷᠢᠯᠴᠠᠭᠠᠨ ᠤ ᠠᠭᠤᠯᠵᠠᠷ ᠪᠠᠯᠭᠠᠰᠣ ᠪᠣᠯᠣᠭᠰᠠᠨ | ᠪᠠᠶᠢᠨ᠎ᠠ᠃ | ᠣᠷᠴᠢᠮ ᠤᠨ ᠵᠢᠯ ᠳᠤ᠂ ᠪᠠᠯᠭᠤᠨ ᠪᠠᠯᠭᠠᠰᠣ ᠶᠢᠨ ᠨᠠᠮ ᠵᠠᠰᠠᠭ ︽ᠰᠢᠨ᠎ᠡ ᠡᠬᠦᠳᠦᠯᠳᠡ ᠲᠠᠢ᠂ ᠶᠡᠭᠡ ᠭᠦᠭᠵᠢᠯᠲᠡ | ᠲᠠᠢ᠂ ᠠᠷᠠᠳ ᠲᠤ ᠬᠠᠷᠠᠭᠠᠯᠵᠠᠯ ᠲᠠᠢ᠂ ᠰᠢᠨ᠎ᠡ ᠬᠡᠯᠪᠡᠷᠢ ᠶᠢᠨ ᠬᠠᠩᠬᠢᠨ ᠬᠤᠰᠢᠭᠤ ᠶᠢ ᠪᠦᠳᠦᠬᠡᠨ ᠪᠠᠶᠢᠭᠤᠯᠬᠤ︾ ᠶᠡᠷᠦᠩᠬᠡᠢ | ᠭᠦᠭᠵᠢᠯᠲᠡ ᠶᠢᠨ ᠰᠡᠳᠬᠢᠴᠡ ᠪᠠᠷ᠂ ︽ᠲᠠᠪᠣᠨ ᠶᠡᠭᠡ ᠰᠢᠪᠳᠣᠯᠣᠯᠲᠡ ᠶᠢ ᠠᠬᠢᠭᠤᠯᠣᠨ᠂ ᠳᠠᠪᠠᠯᠲᠠ ᠲᠠᠢ ᠭᠦᠭᠵᠢᠯᠲᠡ ᠶᠢ | ᠪᠡᠶᠡᠯᠡᠬᠦᠯᠬᠦ︾ ᠬᠠᠷᠠᠯᠲᠠ ᠶᠢ ᠪᠦᠳᠦᠬᠡᠯᠴᠢ ᠪᠠᠷ ᠲᠣᠷᠠᠳᠣᠨ ᠭᠠᠷᠭᠠᠵᠣ᠂ ᠬᠤᠳᠠ ᠬᠦᠳᠡᠭᠡ ᠶᠢ ᠨᠢᠬᠡᠳᠦᠯᠲᠡᠢ | ᠲᠦᠯᠦᠪᠵᠢᠬᠦᠯᠬᠦ ᠣᠶᠢᠯᠠᠭᠠᠭᠳᠠᠬᠤᠨ ᠤ ᠶᠣᠰᠣᠭᠠᠷ᠂ ᠰᠢᠨ᠎ᠡ ᠬᠡᠯᠪᠡᠷᠢ ᠶᠢᠨ ᠠᠵᠣ ᠦᠢᠯᠡᠳᠪᠣᠷᠢ᠂ ᠣᠨᠴᠠᠯᠢᠭᠳᠣ ᠬᠤᠳᠠ | ᠪᠠᠯᠭᠠᠰᠣ᠂ ᠣᠳᠣᠬᠢᠴᠢᠯᠠᠭᠰᠠᠨ ᠬᠦᠳᠡᠭᠡ ᠠᠵᠣ ᠠᠬᠤᠢ ᠶᠢᠨ ᠦᠢᠯᠡᠰ᠂ ᠰᠠᠭᠤᠷᠢ ᠪᠠᠶᠢᠭᠤᠯᠣᠯᠲᠠ ᠪᠣᠯᠣᠨ ᠨᠡᠶᠢᠬᠡᠮ ᠤᠨ | ᠠᠵᠢᠯ ᠦᠢᠯᠡᠰ ᠵᠡᠷᠬᠡ ᠲᠠᠪᠣᠨ ᠲᠠᠯ᠎ᠠ ᠪᠠᠷ ᠰᠢᠨ᠎ᠡ ᠪᠦᠳᠦᠮᠵᠢ ᠭᠠᠷᠭᠠᠨ᠂ ᠪᠦᠬᠦ ᠪᠠᠯᠭᠠᠰᠣᠨ ᠤ ᠠᠵᠣ ᠦᠢᠯᠡᠳᠪᠣᠷᠢ᠂ | ᠬᠤᠳᠠ ᠪᠠᠯᠭᠠᠰᠣᠨ ᠤ ᠪᠠᠶᠢᠭᠤᠯᠣᠯᠲᠠ ᠪᠤᠯᠤᠨ ᠬᠦᠳᠡᠭᠡ ᠠᠵᠤ ᠠᠬᠤᠢ ᠶᠢ ᠨᠢᠬᠡᠳᠦᠯᠳᠡᠢ ᠲᠦᠯᠦᠪᠵᠢᠬᠦᠯᠦᠭᠰᠡᠨ ᠰᠢᠨᠵᠢᠯᠡᠬᠦ | ᠤᠬᠠᠭᠠᠨᠴᠢ ᠭᠦᠭᠵᠢᠯᠲᠡ ᠶᠢ ᠠᠬᠢᠭᠤᠯᠪᠠ᠃ ᠳᠤᠮᠳᠠ ᠪᠠᠭ᠎ᠠ ᠬᠡᠯᠪᠡᠷᠢ ᠶᠢᠨ ᠠᠵᠣ ᠠᠬᠤᠶᠢᠯᠠᠯ ᠤᠨ ᠦᠢᠯᠡᠰ ᠪᠣᠰᠬᠠᠬᠤ | ᠬᠦᠷᠢᠶᠡᠯᠡᠩ ᠲᠣᠭᠤᠷᠢᠭ ᠤᠨ ᠲᠣᠯᠭᠠᠭᠤᠷᠢᠯᠠᠯ ᠪᠤᠯᠤᠨ ᠣᠨᠴᠠᠯᠢᠭᠳᠣ ᠬᠤᠳᠠ ᠪᠠᠯᠭᠠᠰᠣᠨ ᠤ ᠪᠠᠶᠢᠭᠤᠯᠣᠯᠲᠠ ᠶᠢᠨ | ᠨᠢᠭᠡᠳᠦᠯᠳᠡᠢ ᠲᠦᠯᠦᠪᠵᠢᠬᠦᠯᠬᠡ ᠳᠤ ᠲᠦᠰᠢᠭᠯᠡᠨ᠂ ᠬᠦᠳᠡᠭᠡ ᠠᠵᠣ ᠠᠬᠤᠢ ᠶᠢᠨ ︽ᠬᠤᠶᠠᠷ ᠢ ᠬᠤᠪᠢᠷᠠᠭᠤᠯᠵᠣ᠂ ᠠᠷᠪᠠ ᠶᠢ | ᠪᠣᠢ ᠪᠤᠯᠭᠠᠬᠤ︾᠂ ︽ᠬᠤᠶᠠᠷ ᠢ ᠰᠢᠯᠵᠢᠬᠦᠯᠵᠣ᠂ ᠲᠠᠪᠤ ᠶᠢ ᠬᠤᠪᠢᠷᠠᠭᠤᠯᠬᠤ︾ ᠠᠬᠢᠴᠠ ᠶᠢ ᠲᠦᠷᠬᠡᠳᠬᠡᠵᠣ᠂ ᠠᠷᠠᠳ ᠤᠨ | ᠠᠮᠢᠳᠣᠷᠠᠯ ᠢ ᠪᠠᠳᠣᠯᠠᠨ ᠰᠠᠶᠢᠵᠢᠷᠠᠭᠤᠯᠬᠤ ᠪᠠᠷ ᠠᠯᠢᠪᠠ ᠠᠵᠢᠯ ᠤᠨ ᠡᠬᠢᠯᠡᠯᠲᠡ ᠶᠢᠨ ᠴᠢᠭ ᠢᠶᠠᠨ ᠪᠣᠯᠭᠠᠨ᠂ ᠰᠣᠷᠭᠠᠨ | ᠬᠦᠮᠦᠵᠢᠯ᠂ ᠡᠷᠡᠬᠦᠯ ᠬᠠᠮᠠᠭᠠᠯᠠᠯ᠂ ᠰᠣᠶᠣᠯ ᠤᠬᠠᠭᠤᠯᠭ᠎ᠠ᠂ ᠨᠡᠶᠢᠬᠡᠮ ᠤᠨ ᠠᠮᠣᠷ ᠲᠣᠭᠳᠠᠭᠤᠨ᠂ ᠡᠷᠡᠬᠦᠯ ᠭᠦᠭᠵᠢᠯᠲᠡ ᠶᠢ | ᠪᠣᠢ ᠪᠣᠯᠭᠠᠨ᠂ ᠣᠷᠳᠣᠰ ᠤᠨ ᠪᠠᠷᠠᠭᠤᠨ ᠬᠡᠰᠡᠭ ᠤᠨ ᠭᠡᠭᠡᠪᠴᠢ ᠪᠣᠯᠣᠭᠰᠠᠨ ᠭᠤᠶᠣᠮᠰᠤᠭ ᠪᠠᠯᠭᠠᠰᠣ ᠶᠢ ᠴᠢᠷᠮᠠᠶᠢᠨ | ᠪᠠᠶᠢᠭᠤᠯᠵᠣ ᠪᠠᠶᠢᠨ᠎ᠠ᠃ |