1958 ᠣᠨ ᠳᠤ ᠶᠠᠰᠢᠯᠲᠤ᠂ ᠭᠡᠳᠡᠷᠬᠦ ᠭᠡᠬᠦ ᠬᠤᠶᠠᠷ ᠰᠢᠶᠠᠩ ᠢ ᠬᠠᠮᠲᠣᠷᠠᠭᠤᠯᠤᠨ ᠲᠠᠷᠢᠶᠠᠨᠭᠤᠤᠯ ᠨᠢᠭᠡᠳᠦᠯ ᠢ | ᠪᠠᠶᠢᠭᠤᠯᠵᠠᠢ᠃ 1983 ᠣᠨ ᠳᠤ ᠲᠠᠷᠢᠶᠠᠨᠭᠤᠤᠯ ᠰᠢᠶᠠᠩ ᠭᠡᠵᠤ ᠨᠡᠷᠡᠶᠢᠳᠪᠡ᠃ 2002 ᠣᠨ ᠳᠤ ᠪᠦᠬᠦ ᠬᠤᠰᠢᠭᠤᠨ ᠤ | 18 ᠰᠣᠮᠦ᠂ ᠱᠢᠶᠠᠩ᠂ ᠪᠠᠯᠭᠠᠰᠤ ᠶᠢ 12 ᠪᠣᠯᠭᠠᠨ ᠴᠣᠮᠬᠠᠳᠬᠠᠵᠤ᠂ ᠪᠠᠶᠠᠨᠪᠣᠯᠠᠭ ᠰᠤᠮᠦ᠂ ᠲᠥᠭᠦᠷᠢᠭ ᠰᠤᠮᠦ ᠶᠢ | ᠬᠠᠰᠤᠵᠤ᠂ ᠪᠠᠶᠠᠨᠪᠣᠯᠠᠭ ᠤᠨ ᠶᠠᠰᠢᠯᠲᠣ ᠭᠠᠴᠠᠭ᠎ᠠ᠂ ᠪᠠᠶᠠᠨ ᠰᠦᠮᠪᠦᠷ ᠭᠠᠴᠠᠭ᠎ᠠ᠂ ᠲᠥᠭᠦᠷᠢᠭ ᠰᠣᠮᠦᠨ ᠤ ᠰᠤᠳᠠᠯ ᠭᠠᠴᠠᠭ᠎ᠠ | ᠂ ᠴᠠᠭᠠᠨ ᠪᠤᠯᠠᠭ ᠭᠠᠴᠠᠭ᠎ᠠ᠂ ᠪᠤᠮᠪᠠ ᠲᠡᠭᠡᠭ ᠭᠠᠴᠠᠭ᠎ᠠ ᠶᠢ ᠲᠠᠷᠢᠶᠠᠨᠭᠤᠤᠯ ᠰᠢᠶᠠᠩ ᠳᠤ ᠦᠭᠴᠦ ᠬᠠᠮᠢᠶᠠᠷᠠᠭᠤᠯᠪᠠ᠃ | 2005 ᠣᠨ ᠳᠤ ᠪᠦᠬᠦ ᠬᠤᠰᠢᠭᠤᠨ ᠤ 12 ᠰᠣᠮᠣ᠂ ᠰᠢᠶᠠᠩ᠂ ᠪᠠᠯᠭᠠᠰᠤ ᠶᠢ ᠳᠠᠬᠢᠨᠲᠠ ᠴᠣᠮᠬᠠᠳᠬᠠᠨ ᠬᠠᠰᠣᠵᠤ᠂ 7 | ᠰᠣᠮᠦ᠂ ᠰᠢᠶᠠᠩ᠂ ᠪᠠᠯᠭᠠᠰᠣ ᠪᠣᠯᠭᠠᠨ ᠪᠠᠭᠠᠰᠬᠠᠨ ᠦᠭᠡᠷᠡᠴᠢᠯᠡᠬᠦ ᠳᠤ ᠲᠠᠷᠢᠶᠠᠨᠭᠤᠤᠯ ᠰᠢᠶᠠᠩ ᠢ ᠬᠠᠰᠣᠵᠤ᠂ ᠣᠣᠯ ᠤᠨ | ᠲᠥᠭᠦᠷᠢᠭ ᠰᠤᠮᠦᠨ ᠤ ᠲᠥᠭᠦᠷᠢᠭ ᠭᠠᠴᠠᠭ᠎ᠠ᠂ ᠳᠣᠯᠣᠭᠠᠨ ᠤᠰᠤ ᠭᠠᠴᠠᠭ᠎ᠠ᠂ ᠤᠯᠠᠭᠠᠨ ᠡᠷᠭᠢ ᠭᠠᠴᠠᠭ᠎ᠠ ᠶᠢ ᠲᠠᠷᠢᠶᠠᠨᠭᠤᠤᠯ | ᠰᠢᠶᠠᠩ ᠲᠠᠢ ᠬᠠᠮᠲᠤ ᠬᠠᠩᠭᠢᠨ ᠨᠠᠭᠤᠷ ᠰᠢᠶᠠᠩ ᠳᠤ ᠬᠤᠪᠢᠶᠠᠨ ᠦᠭᠴᠦ ᠬᠠᠮᠲᠤᠷᠠᠭᠤᠯᠪᠠ᠃ 2009 ᠣᠨ ᠳᠤ ᠬᠠᠩᠭᠢᠨ | ᠨᠠᠭᠤᠷ ᠰᠢᠶᠠᠩ ᠢ ᠳᠣᠭᠤᠶᠢᠲᠠᠯᠠ ᠪᠠᠯᠭᠠᠰᠣ ᠲᠠᠢ ᠬᠠᠮᠲᠤᠷᠠᠭᠤᠯᠤᠭᠰᠠᠨ ᠠᠴᠠ ᠲᠠᠷᠢᠶᠠᠨᠭᠤᠤᠯ ᠨᠢ ᠳᠣᠭᠤᠶᠢᠲᠠᠯᠠ | ᠪᠠᠯᠭᠠᠰᠣ ᠶᠢᠨ ᠬᠠᠷᠢᠶᠠᠨ ᠳᠤ ᠣᠷᠣᠭᠰᠠᠨ ᠪᠠᠶᠢᠨ᠎ᠠ᠃ ᠤᠳᠣ ᠶᠢᠨ ᠲᠠᠷᠢᠶᠠᠨᠭᠤᠤᠯ ᠬᠠᠮᠢᠶᠠᠷᠣᠯᠲᠠ ᠶᠢᠨ ᠵᠦᠪᠯᠡᠯ ᠨᠢ 2011 | ᠣᠨ ᠤ 6 ᠳ᠋ᠣᠭᠠᠷ ᠰᠠᠷ᠎ᠠ ᠳᠤ ᠪᠠᠶᠢᠭᠤᠯᠤᠭᠳᠠᠵᠤ᠂ ᠡᠬᠢᠨ ᠳᠡᠭᠡᠨ ᠬᠠᠩᠭᠢᠨ ᠬᠤᠰᠢᠭᠤᠨ ᠤ ᠨᠠᠭᠦᠷᠡᠰᠦᠨ ᠠᠭᠤᠷᠬᠠᠢ ᠶᠢᠨ | ᠬᠠᠮᠢᠶᠠᠷᠣᠯᠲᠠ ᠶᠢᠨ ᠬᠡᠷᠡᠭ ᠡᠷᠬᠢᠯᠡᠬᠦ ᠭᠠᠵᠠᠷ ᠪᠠᠶᠢᠵᠤ᠂ ᠳᠣᠭᠤᠶᠢᠲᠠᠯᠠ ᠪᠠᠯᠭᠠᠰᠣ ᠶᠢᠨ ᠬᠠᠷᠢᠶᠠᠨ ᠳᠠᠬᠢ 5 ᠭᠠᠴᠠᠭ᠎ᠠ | ᠳᠣᠰᠬᠤᠨ ᠢ ᠣᠷᠣᠯᠠᠨ ᠬᠠᠮᠢᠶᠠᠷᠴᠣ ᠪᠣᠢ᠃ | ᠲᠠᠷᠢᠶᠠᠨᠭᠤᠣᠯ ᠬᠠᠮᠢᠶᠠᠷᠣᠯᠲᠠ ᠶᠢᠨ ᠵᠦᠪᠯᠡᠯ ᠨᠢ ᠬᠠᠩᠭᠢᠨ ᠬᠤᠰᠢᠭᠤᠨ ᠤ ᠵᠠᠭᠦᠨ ᠪᠡᠶ᠎ᠡ ᠳᠤ ᠪᠠᠶᠢᠷᠢᠰᠢᠵᠤ᠂ ᠪᠠᠷᠠᠭᠤᠨ | ᠡᠮᠦᠨ᠎ᠡ ᠵᠠᠬ᠎ᠠ ᠨᠢ ᠰᠢᠨᠡᠪᠠᠯᠭᠠᠰᠣ ᠲᠠᠢ ᠨᠡᠶᠢᠯᠡᠯᠳᠦᠵᠦ᠂ ᠰᠢᠨᠡᠪᠠᠯᠭᠠᠰᠤ ᠠᠴᠠ 33 ᠺᠢᠯᠣᠮᠧᠲᠷ ᠵᠠᠢ ᠲᠠᠢ᠂ ᠬᠤᠶᠢᠳᠣ ᠵᠠᠬ᠎ᠠ | ᠨᠢ ᠳᠣᠭᠤᠶᠢᠲᠠᠯᠠ ᠪᠠᠯᠭᠠᠰᠣ ᠲᠠᠢ ᠬᠥᠷᠰᠢᠯᠡᠵᠦ᠂ ᠳᠣᠭᠤᠶᠢᠲᠠᠯᠠ ᠶᠢᠨ ᠠᠵᠤ ᠦᠢᠯᠡᠳᠪᠦᠷᠢ ᠶᠢᠨ ᠲᠣᠭᠤᠷᠢᠭ ᠠᠴᠠ 80 | ᠺᠢᠯᠣᠮᠧᠲᠷ ᠵᠠᠢ ᠲᠠᠢ ᠪᠠᠶᠢᠳᠠᠭ᠃ 109 ᠣᠯᠣᠰ ᠤᠨ ᠵᠠᠮ᠂ ᠢ ᠯᠢ ᠪᠦᠯᠦᠭᠯᠡᠯ ᠪᠣᠯᠣᠨ ᠢ ᠲᠠᠢ ᠪᠦᠯᠦᠭᠯᠡᠯ ᠤᠨ ᠨᠡᠭᠦᠷᠡᠰᠦ | ᠵᠥᠭᠡᠭᠡᠪᠦᠷᠢᠯᠡᠬᠦ ᠳᠣᠰᠬᠠᠢ ᠵᠠᠮ ᠬᠠᠶᠠᠭ᠎ᠠ ᠪᠠᠷ ᠥᠩᠭᠡᠷᠡᠵᠦ ᠪᠣᠢ᠃ ᠬᠠᠷᠢᠶᠠᠨ ᠳᠤ ᠪᠠᠶᠢᠭ᠎ᠠ ᠨᠣᠲᠤᠭ ᠳᠡᠪᠢᠰᠭᠡᠷ 1484 | ᠲᠡᠭᠰᠢ ᠳᠥᠷᠪᠡᠯᠵᠢᠨ ᠺᠢᠯᠣᠮᠧᠲᠷ᠂ ᠨᠡᠶᠢᠲᠡ 5827 ᠡᠷᠦᠬᠡ᠂ 12199 ᠠᠷᠠᠳ ᠲᠠᠢ᠃ ᠡᠭᠦᠨ ᠳᠤ ᠪᠠᠶᠢᠩᠭᠤ | ᠰᠠᠭᠤᠭ᠎ᠠ ᠠᠶᠢᠯ 2822᠂ ᠠᠷᠠᠳ ᠢᠷᠭᠡᠳ 6208᠂ ᠴᠥᠭᠡᠨ ᠲᠣᠭᠠᠲᠤ ᠦᠨᠳᠦᠰᠦᠲᠡᠨ 914 ᠡᠷᠦᠬᠡ ᠂ 2032 | ᠬᠦᠮᠦᠨ ᠪᠠᠶᠢᠳᠠᠭ᠃ ᠨᠡᠶᠢᠲᠡ 6056 ᠲᠦᠮᠡᠨ ᠮᠦ ᠲᠠᠷᠢᠶᠠᠨ ᠭᠠᠵᠠᠷ᠂ 209.19 ᠲᠦᠮᠡᠨ ᠮᠦ ᠪᠡᠯᠴᠢᠭᠡᠷ᠂ 8.71 | ᠲᠦᠮᠡᠨ ᠮᠦ ᠰᠢᠭᠤᠢ᠂ 11.4 ᠲᠦᠮᠡᠨ ᠮᠠᠯ ᠲᠠᠢ᠃ ᠲᠠᠷᠢᠶᠠᠨᠭᠤᠣᠯ ᠤᠨ ᠭᠠᠵᠠᠷ ᠳᠣᠣᠷ᠎ᠠ ᠨᠡᠭᠦᠷᠡᠰᠦ᠂ ᠴᠢᠯᠠᠭᠤᠨ ᠳᠣᠰᠦ | ᠂ ᠪᠠᠶᠢᠭᠠᠯᠢ ᠶᠢᠨ ᠰᠢᠲᠠᠮᠠᠬᠠᠢ ᠬᠡᠢ ᠨᠡᠶᠢᠲᠡᠮ ᠠᠭᠤᠯᠠᠭᠳᠠᠵᠤ᠂ ᠠᠭᠤᠷᠬᠠᠢ ᠶᠢᠨ ᠡᠬᠢ ᠪᠠᠶᠠᠯᠢᠭ ᠢᠶᠠᠷ ᠡᠯᠪᠡᠭ ᠳᠡᠯᠪᠡᠭ ᠪᠠᠶᠢᠳᠠᠭ | ᠃ | | | | | ᠣᠶᠢᠷ᠎ᠠ ᠶᠢᠨ ᠵᠢᠯ ᠳᠤ᠂ ᠲᠠᠷᠢᠶᠠᠨᠭᠤᠣᠯ ᠬᠠᠮᠢᠶᠠᠷᠣᠯᠲᠠ ᠶᠢᠨ ᠵᠦᠪᠯᠡᠯ ᠨᠢ ᠠᠵᠤ ᠠᠬᠤᠢ ᠶᠢᠨ ᠬᠦᠭᠵᠢᠯᠲᠡ ᠶᠢᠨ ᠰᠢᠨ᠎ᠡ | ᠪᠠᠶᠢᠳᠠᠯ ᠲᠠᠢ ᠢᠳᠡᠪᠬᠢᠲᠡᠢ ᠵᠤᠬᠢᠴᠠᠨ᠂ ᠰᠢᠨ᠎ᠡ ᠬᠡᠯᠪᠡᠷᠢ ᠶᠢᠨ ᠠᠵᠤ ᠦᠢᠯᠡᠳᠪᠦᠷᠢ ᠶᠢ ᠭᠠᠷᠳᠠᠨ ᠬᠦᠭᠵᠭᠦᠯᠵᠦ᠂ ᠠᠵᠤ | ᠦᠢᠯᠡᠰ ᠤᠨ ᠪᠦᠲᠦᠴᠡ ᠪᠠᠨ ᠬᠦᠴᠦᠯᠡᠨ ᠲᠣᠬᠢᠷᠠᠭᠤᠯᠵᠤ᠂ ᠠᠷᠠᠳ ᠤᠨ ᠠᠮᠢᠳᠤᠷᠠᠯ ᠤᠨ ᠪᠠᠲᠤᠯᠠᠭ᠎ᠠ ᠶᠢ ᠳᠡᠭᠡᠳᠦ | ᠬᠡᠮᠵᠢᠶ᠎ᠡ ᠪᠠᠷ ᠴᠢᠬᠤᠯᠠᠴᠢᠯᠠᠭᠰᠠᠨ ᠠᠴᠠ ᠠᠵᠤ ᠠᠬᠤᠢ ᠨᠡᠶᠢᠬᠡᠮ ᠤᠨ ᠡᠯ᠎ᠠ ᠠᠵᠢᠯ ᠲᠦᠷᠦᠯ ᠥᠳᠲᠡᠷ ᠲᠦᠷᠭᠡᠨ ᠬᠦᠭᠵᠢᠪᠡ᠃ | ᠱᠧᠨ ᠬᠤᠸᠠ ᠲᠠᠷᠢᠶᠠᠨᠭᠤᠣᠯ ᠤᠨ1000 ᠲᠦᠮᠡᠨ ᠲᠣᠨ ᠤ ᠨᠡᠭᠦᠷᠡᠰᠦᠨ ᠠᠭᠤᠷᠬᠠᠢ ᠶᠢᠨ ᠲᠦᠷᠦᠯ ᠵᠦᠢᠯ ᠮᠥᠳᠳᠦᠬᠡᠨ | ᠠᠰᠢᠭᠯᠠᠯᠲᠠ ᠣᠷᠣᠬᠤ ᠭᠡᠵᠤ ᠪᠣᠢ᠂ ᠮᠧᠩ ᠨᠧᠩ 2×330 ᠰᠠᠶ᠎ᠠ ᠸᠠᠲ ᠤᠨ ᠨᠡᠭᠦᠷᠡᠰᠦᠨ ᠴᠢᠯᠠᠭᠤ ᠪᠠᠷ ᠴᠠᠬᠢᠯᠭᠠᠨ | ᠭᠠᠷᠭᠠᠬᠤ ᠲᠦᠷᠥᠯ ᠵᠦᠢᠯ ᠨᠢ ᠣᠯᠣᠰ ᠤᠨ ᠴᠠᠬᠢᠯᠭᠠᠨ ᠳᠠᠮᠵᠢᠭᠤᠯᠬᠤ ᠰᠢᠰᠲ᠋ᠧᠮ ᠳᠤ ᠴᠠᠬᠢᠯᠭᠠᠨ ᠬᠦᠷᠭᠡᠵᠦ ᠡᠬᠢᠯᠡᠪᠡ᠂ | ᠨᠡᠭᠦᠷᠡᠰᠦᠨ ᠦᠢᠯᠡᠰ ᠤᠨ ᠪᠣᠳᠠᠰ ᠤᠨ ᠭᠦᠢᠯᠭᠡᠭᠡᠨ ᠤ ᠪᠦᠲᠦᠭᠡᠨ ᠪᠠᠶᠢᠭᠤᠯᠤᠯᠲᠠ ᠦᠷᠭᠦᠯᠵᠢᠯᠡᠨ ᠠᠬᠢᠭᠤᠯᠤᠭᠳᠠᠵᠤ᠂ ︽ | ᠪᠠᠶᠢᠭᠠᠯᠢ ᠶᠢᠨ ᠰᠢᠲᠠᠮᠠᠬᠠᠢ ᠬᠡᠢ ᠶᠢ ᠲᠦᠭᠡᠮᠡᠯᠵᠢᠭᠦᠯᠦᠭᠰᠡᠨ ᠬᠠᠩᠭᠢᠨ︾ ᠢ ᠪᠠᠶᠢᠭᠤᠯᠬᠤ ᠲᠥᠷᠥᠯ ᠵᠦᠢᠯ ᠡᠮᠬᠢ ᠳᠢᠭᠯᠢᠮ ᠲᠠᠢ | ᠶᠠᠪᠣᠭᠳᠠᠵᠤ ᠪᠣᠢ᠂ ᠰᠢᠨ ᠽᠧ ᠪᠠᠷᠢᠯᠭ᠎ᠠ ᠶᠢᠨ ᠮᠠᠲ᠋ᠧᠷᠢᠶᠠᠯ ᠤᠨ ᠪᠦᠯᠦᠭᠯᠡᠯ ᠤᠨ ᠱᠦᠢᠨᠢ ᠶᠢᠨ ᠦᠢᠯᠡᠳᠪᠦᠷᠢ ᠠᠰᠢᠭᠯᠠᠯᠲᠠ ᠳᠤ | ᠣᠷᠣᠵᠣ᠂ ᠡᠷᠭᠢᠯᠳᠡᠲᠦ ᠠᠵᠤ ᠠᠬᠤᠢ ᠶᠢᠨ ᠠᠵᠤ ᠦᠢᠯᠡᠰ ᠤᠨ ᠬᠡᠯᠬᠢᠶ᠎ᠡ ᠠᠩᠬ᠎ᠠ ᠠᠯᠬᠤᠮ ᠬᠡᠪᠴᠢᠶᠠᠵᠢᠪᠡ᠃ ᠣᠷᠣᠨ | ᠨᠣᠲᠤᠭ ᠤᠨ ᠢᠶᠠᠨ ᠪᠠᠶᠢᠳᠠᠯ ᠲᠠᠢ ᠲᠣᠬᠢᠷᠠᠭᠤᠯᠤᠨ ᠬᠡᠭᠡᠷ᠎ᠡ ᠲᠡᠵᠢᠭᠡᠭᠰᠡᠨ ᠳᠠᠬᠢᠶ᠎ᠠ᠂ ᠠᠯᠠᠰᠢᠨ ᠦᠬᠡᠷ᠂ ᠠᠯᠠᠰᠢᠨ ᠬᠤᠨᠢ᠂ | ᠠᠯᠠᠰᠢᠨ ᠡᠯᠵᠢᠭᠡ ᠵᠡᠷᠭᠡ ᠤᠨᠴᠠᠯᠢᠭᠲᠤ ᠠᠵᠤ ᠦᠢᠯᠡᠰ ᠢ ᠬᠦᠭᠵᠢᠭᠦᠯᠵᠦ᠂ ᠪᠠᠶᠠᠨᠪᠣᠯᠠᠭ ᠭᠠᠴᠠᠭ᠎ᠠ ᠶᠢᠨ ᠰᠠᠭᠠᠯᠢ ᠶᠢᠨ | ᠢᠮᠠᠭ᠎ᠠ ᠲᠡᠵᠢᠭᠡᠬᠦ ᠰᠠᠭᠤᠷᠢᠨ ᠭᠠᠵᠠᠷ ᠢ ᠪᠠᠶᠢᠭᠤᠯᠵᠤ᠂ ᠣᠨᠴᠠᠯᠢᠭᠲᠤ ᠮᠠᠯ ᠲᠠᠷᠢᠶᠠᠯᠠᠩ ᠤᠨ ᠠᠵᠤ ᠦᠢᠯᠡᠰ ᠤᠨ | ᠪᠠᠶᠢᠷᠢᠯᠠᠭᠤᠯᠤᠯᠲᠠ ᠡᠬᠢᠯᠡᠨ ᠪᠦᠷᠢᠯᠳᠤᠪᠠ᠃ ᠦᠵᠡᠰᠭᠦᠯᠡᠩᠲᠦ ᠬᠦᠳᠡᠭᠡ ᠳᠣᠰᠬᠤᠨ ᠢ ᠪᠦᠲᠦᠭᠡᠨ ᠪᠠᠶᠢᠭᠤᠯᠬᠤ ᠠᠵᠢᠯ ᠢ | ᠪᠦᠬᠦ ᠬᠦᠴᠦᠨ ᠢᠶᠠᠷ ᠠᠬᠢᠭᠤᠯᠵᠤ᠂ ᠮᠠᠯᠵᠢᠬᠤ ᠲᠠᠷᠢᠶᠠᠯᠠᠬᠤ ᠰᠠᠭᠤᠷᠢ ᠲᠦᠬᠦᠭᠡᠷᠦᠮᠵᠢ ᠶᠢᠨ ᠪᠠᠶᠢᠭᠤᠯᠤᠯᠲᠠ ᠢᠯᠡᠷᠡᠬᠡᠢ | ᠰᠠᠶᠢᠵᠢᠷᠠᠵᠤ᠂ ᠬᠦᠳᠡᠭᠡ ᠳᠣᠰᠬᠤᠨ ᠤ ᠳᠦᠷᠢ ᠪᠠᠶᠢᠳᠠᠯ ᠰᠠᠶᠢᠵᠢᠷᠠᠨ ᠰᠢᠨᠡᠳᠪᠡ᠃ | |