| | ᠵ᠊᠂ ᠥᠯᠵᠡᠶᠢᠪᠠᠲᠤ | ᠵᠧ — | ᠤᠮ ᠰᠠᠶᠢᠨ ᠠᠮᠤᠭᠤᠯᠠᠩᠲᠠᠨ ᠪᠣᠯᠲᠤᠭᠠᠢ︕ | ᠤᠯᠠᠮ ᠰᠠᠶᠢᠬᠠᠨ ᠵᠢᠷᠭᠠᠯᠠᠩᠲᠠᠨ ᠪᠤᠯᠠᠲᠤᠭᠠᠢ︕ | ᠮᠥᠩᠬᠡ ᠬᠥᠬᠡ ᠲᠡᠭᠷᠢ ᠨᠢ | ᠨᠠᠷᠠᠨ ᠰᠠᠷᠠᠨ ᠤ ᠬᠤᠯᠪᠣᠭ᠎ᠠ ᠲᠠᠢ | ᠮᠥᠩᠭᠦᠨ ᠰᠠᠷᠢᠳᠠᠭ ᠠᠭᠤᠯᠠᠰ ᠨᠢ | ᠮᠦᠷᠡᠨ ᠭᠤᠣᠯ ᠤᠨ ᠬᠤᠯᠪᠣᠭ᠎ᠠ ᠲᠠᠢ | ᠮᠦᠴᠢᠷ ᠨᠤᠭᠤᠭᠠᠨ ᠨᠠᠷᠠᠰᠤ ᠨᠢ | ᠦᠨᠳᠦᠰᠦ ᠰᠢᠮ᠎ᠡ ᠶᠢᠨ ᠬᠤᠯᠪᠣᠭ᠎ᠠ ᠲᠠᠢ | ᠮᠣᠩᠭᠤᠯ ᠣᠭᠰᠠᠭ᠎ᠠ ᠶᠠᠰᠣᠲᠠᠨ ᠨᠢ | ᠣᠷᠤᠭ ᠲᠦᠷᠥ ᠶᠢᠨ ᠬᠤᠯᠪᠣᠭ᠎ᠠ ᠲᠠᠢ︕ | ᠵᠧ — | ᠲᠦᠮᠡᠨ ᠥᠯᠵᠡᠢ ᠪᠦᠷᠢᠳᠦᠭᠰᠡᠨ | ᠲᠥᠭᠡᠮᠡᠯ ᠪᠠᠶᠠᠷ ᠪᠢᠯᠬᠠᠭᠰᠠᠨ | ᠲᠡᠭᠦᠰ ᠪᠤᠶᠠᠨ ᠳᠡᠯᠭᠡᠷᠡᠭᠰᠡᠨ | ᠲᠦᠪᠰᠢᠨ ᠵᠢᠷᠭᠠᠯ ᠰᠠᠭᠠᠲᠠᠭᠰᠠᠨ | ᠡᠭᠦᠳᠡ ᠡᠷᠦᠬᠡ ᠲᠡᠩᠴᠡᠭᠰᠡᠨ | ᠥᠨᠢ ᠶᠢᠨ ᠪᠠᠷᠢᠯᠳᠣᠯᠭ᠎ᠠ ᠳᠣᠭᠲᠣᠭᠰᠠᠨ | ᠢᠷᠦᠭᠡᠯ ᠵᠦᠩᠨᠡᠯ ᠰᠢᠩᠭᠡᠭᠰᠡᠨ | ᠢᠨᠠᠭ ᠠᠮᠠᠷᠠᠭ ᠬᠤᠣᠰᠯᠠᠭᠰᠠᠨ | ᠠᠶᠢᠯ ᠡᠷᠦᠬᠡ ᠪᠠᠨ ᠴᠣᠭᠴᠠᠯᠠᠵᠤ | ᠠᠯᠲᠠᠨ ᠲᠤᠭᠤᠨᠤ ᠪᠠᠨ ᠲᠤᠯᠤᠭᠰᠠᠨ | ᠭᠠᠯ ᠭᠤᠯᠤᠮᠲᠠ ᠪᠠᠨ ᠵᠠᠯᠭᠠᠵᠤ | ᠭᠠᠯᠠᠶᠢᠬᠠᠨ ᠡᠬᠡ ᠪᠠᠨ ᠪᠠᠶᠠᠰᠬᠠᠭᠰᠠᠨ | ᠪᠤᠭᠤ ᠨᠠᠮᠨᠠᠭᠠᠴᠢ ᠨᠢ ᠵᠢᠪᠬᠤᠯᠠᠩ ᠲᠠᠢ | ᠪᠤᠯᠠᠭ᠎ᠠ ᠵᠦᠢᠭᠴᠢ ᠨᠢ ᠦᠵᠡᠰᠭᠦᠯᠡᠩ ᠲᠠᠢ | ᠪᠤᠶᠠᠨᠲᠡᠢ ᠰᠢᠨ᠎ᠡ ᠬᠤᠣᠰ ᠤᠨ | ᠪᠤᠯᠵᠠᠭᠠᠲᠤ ᠬᠤᠷᠢᠮ ᠤᠨ ᠶᠤᠰᠤᠯᠠᠯ ᠪᠢᠯᠡ ᠡ︕ | ᠵᠧ — | ᠠᠪᠤ ᠶᠢᠨ ᠲᠦᠷᠥᠯ ᠠᠪᠠᠭ᠎ᠠ ᠨᠠᠷ | ᠡᠵᠢ ᠶᠢᠨ ᠲᠥᠷᠬᠦᠮ ᠨᠠᠭᠠᠴᠦ ᠨᠠᠷ | ᠬᠤᠯᠠ ᠤᠶᠢᠷ᠎ᠠ ᠶᠢᠨ ᠰᠠᠳᠤᠨ | ᠬᠤᠶᠠᠷ ᠲᠠᠯ᠎ᠠ ᠶᠢᠨ ᠠᠬᠠᠮᠠᠳ | ᠬᠦᠨᠳᠦᠲᠦ ᠪᠣᠭᠤᠷᠠᠯ ᠨᠠᠰᠣᠲᠠᠳ | ᠬᠥᠷᠰᠢ ᠲᠣᠳᠣᠨᠣ ᠰᠠᠭᠠᠬᠠᠯᠲᠠ | ᠥᠨᠢ ᠮᠥᠩᠬᠡ ᠶᠢᠨ ᠠᠨᠳᠠᠰ | ᠦᠶ᠎ᠡ ᠬᠤᠷᠠᠭ ᠤᠨ ᠨᠠᠶᠢᠵᠠᠰ | ᠬᠤᠷᠢᠮ ᠤᠨ ᠠᠯᠲᠠᠨ ᠭᠡᠯᠬᠢᠶ᠎ᠡ | ᠬᠤᠲᠠ ᠬᠤᠳᠠᠭᠠᠢ ᠪᠦᠬᠦᠨ ᠢᠶᠠᠨ᠂ | ᠥᠷᠦᠭᠡ ᠭᠡᠷ ᠲᠡᠭᠡᠨ ᠵᠠᠯᠠᠵᠤ | ᠦᠨᠳᠦᠷ ᠰᠢᠷᠡᠭᠡᠨ ᠳᠡᠭᠡᠨ ᠰᠠᠭᠠᠲᠠᠭᠤᠯᠵᠣ | ᠥᠷᠭᠡᠨ ᠨᠠᠶᠢᠷ ᠢᠶᠠᠨ ᠡᠭᠦᠰᠭᠡᠵᠦ | ᠥᠳᠭᠡ ᠰᠢᠭᠦᠰᠦ ᠪᠠᠨ ᠳᠡᠪᠰᠢᠭᠦᠯᠦᠮᠦ︕ | ᠬᠤᠷᠣᠢ᠂ ᠬᠤᠷᠤᠢ︕ ᠬᠤᠷᠣᠢ᠂ ᠬᠤᠷᠤᠢ︕ | ᠵᠧ — | ᠠᠯᠲᠠᠨ ᠬᠠᠳᠠᠭ ᠢᠶᠠᠨ ᠳᠡᠯᠭᠡᠮᠡᠨ | ᠠᠮᠠᠨ ᠢᠷᠦᠭᠡᠯ ᠢᠶᠠᠨ ᠬᠠᠶᠢᠯᠤᠮᠠᠨ | ᠠᠶᠢᠯᠴᠢᠨ ᠭᠡᠶᠢᠴᠢᠨ ᠢᠶᠠᠨ ᠬᠦᠨᠳᠦᠯᠦᠮᠡᠨ | ᠠᠮᠪᠠᠨ ᠰᠢᠭᠦᠰᠦ ᠪᠠᠨ ᠳᠡᠪᠰᠢᠭᠦᠯᠦᠮᠦ︕ | ᠠᠷᠴᠠ ᠵᠠᠭᠠᠷ ᠤᠨ ᠦᠨᠦᠷᠲᠡᠢ | ᠠᠭᠠᠷᠤ ᠽᠠᠨᠳᠠᠨ ᠳᠡᠪᠰᠢᠨ ᠳᠡᠭᠡᠨ | ᠠᠷᠢᠭᠤᠨ ᠢᠳᠡᠭᠡᠨ ᠤ ᠳᠡᠭᠡᠵᠢ ᠪᠠᠨ | ᠠᠶᠢᠯᠠᠳᠬᠠᠯ ᠪᠣᠯᠭᠠᠨ ᠡᠷᠭᠦᠮᠦ︕ | ᠵᠧ — | ᠬᠠᠭᠠᠨ ᠴᠢᠩᠭᠢᠰ ᠠᠴᠠ ᠣᠯᠠᠮᠵᠢᠯᠠᠯ ᠲᠠᠢ | ᠬᠠᠲᠤᠨ ᠡᠬᠡ ᠠᠴᠠ ᠣᠯᠪᠤᠭᠠ ᠲᠠᠢ | ᠭᠢᠶᠠᠨ ᠮᠤᠩᠭᠤᠯ ᠠᠴᠠ ᠡᠭᠦᠰᠦᠯ ᠲᠠᠢ | ᠬᠥᠬᠡ ᠰᠣᠨᠳᠣᠷ ᠲᠤ ᠲᠡᠮᠲᠡᠭᠯᠡᠯ ᠲᠠᠢ | ᠨᠠᠯᠠᠭᠠᠷ ᠬᠤᠷᠢᠮ ᠤᠨ ᠳᠡᠭᠡᠵᠢ ᠪᠣᠯᠣᠭᠰᠠᠨ | ᠨᠠᠨᠳᠢᠨ ᠡᠨᠡᠬᠦ ᠢᠳᠡᠭᠡᠨ ᠪᠣᠯᠪᠠᠰᠣ ᠡ — | ᠮᠢᠩᠭᠠᠨ ᠬᠤᠨᠢᠨ ᠤ ᠮᠠᠨᠢ ᠲᠦᠷᠦᠭᠦᠦ | ᠮᠠᠩᠨᠠᠢ ᠬᠤᠨᠢᠨ ᠤ ᠮᠠᠨᠢ ᠲᠥᠯ ᠶᠤᠮ | ᠲᠦᠮᠡᠨ ᠬᠤᠨᠢᠨ ᠤ ᠮᠠᠨᠢ ᠲᠦᠷᠦᠭᠦᠦ | ᠲᠦᠨᠲᠦᠭᠡᠷ ᠴᠠᠭᠠᠨ ᠤ ᠮᠠᠨᠢ ᠰᠢᠭᠦᠰᠦ ᠶᠤᠮ︕ | ᠠᠭᠢ ᠭᠠᠩᠭ᠎ᠠ ᠶᠢᠨ ᠢᠳᠡᠰᠢ ᠲᠠᠢ | ᠷᠠᠰᠢᠶᠠᠨ ᠪᠤᠯᠠᠭ ᠤᠨ ᠤᠮᠳᠠ ᠲᠠᠢ | ᠠᠯᠮᠠᠰ ᠱᠠᠤ ᠶᠢᠨ ᠵᠠᠭᠤᠰᠢ ᠲᠠᠢ | ᠠᠵᠢᠯᠴᠢ ᠬᠤᠨᠢᠴᠢᠨ ᠡᠵᠡᠨ ᠲᠠᠢ | ᠠᠭᠠᠰᠢ ᠵᠠᠩ ᠨᠢ ᠲᠦᠯᠭᠢᠨ | ᠠᠬᠠᠷ ᠣᠩᠭᠠᠰᠣ ᠨᠢ ᠨᠠᠷᠢᠯᠢᠭ | ᠠᠷᠢᠭᠤᠨ ᠴᠢᠨᠠᠷ ᠨᠢ ᠰᠢᠮᠡᠯᠢᠭ | ᠠᠮᠪᠠᠨ ᠢᠷᠭᠡ ᠶᠢᠨ ᠮᠠᠨᠢ ᠰᠢᠭᠦᠰᠦ ᠪᠢᠯᠡ ᠡ︕ | ᠬᠠᠬᠢᠷ ᠡᠪᠦᠯ ᠤᠨ ᠬᠦᠢᠲᠡᠨ ᠳᠤ | ᠰᠢᠭᠤᠷᠭ᠎ᠠ ᠰᠦᠷᠦᠨ ᠪᠡᠯᠴᠢᠳᠡᠭ | ᠭᠠᠴᠢᠭ ᠬᠠᠪᠤᠷ ᠤᠨ ᠯᠠᠪᠰᠢᠭ ᠲᠤ | ᠬᠤᠷ ᠲᠡᠷᠭᠤ ᠲᠠᠢ ᠣᠨᠳᠣᠷᠠᠳᠠᠭ | ᠬᠤᠷ᠎ᠠ ᠲᠠᠢ ᠵᠤᠨ ᠤ ᠬᠠᠯᠠᠭᠤᠨ ᠳᠤ | ᠤᠰᠤᠨ ᠲᠠᠷᠭᠤ ᠪᠠᠨ ᠠᠪᠳᠠᠭ | ᠬᠤᠩᠭᠤᠷ ᠨᠠᠮᠣᠷ ᠤᠨ ᠣᠯᠠᠷᠢᠯ ᠳᠤ | ᠲᠣᠰᠣᠨ ᠲᠠᠷᠭᠤ ᠨᠢ ᠰᠠᠭᠤᠳᠠᠭ | ᠰᠦᠷᠦᠭ ᠬᠤᠨᠢᠨ ᠤ ᠮᠠᠨᠢ ᠲᠦᠷᠦᠭᠦᠦ ᠶᠤᠮ | ᠰᠤᠳᠤᠨ ᠲᠡᠮᠲᠡᠭ ᠲᠠᠢ ᠢᠷᠭᠡ ᠶᠤᠮ | ᠰᠠᠨᠰᠠᠷ ᠲᠡᠭᠷᠢ ᠳᠡᠭᠡᠨ ᠡᠷᠭᠦᠳᠡᠭ | ᠰᠠᠭᠠᠳᠠᠭ ᠬᠤᠷᠢᠮ ᠤᠨ ᠮᠠᠨᠢ ᠵᠤᠭᠤᠭ ᠶᠤᠮ ᠡ᠃ | ᠵᠧ — | ᠳᠣᠷᠳᠣᠩ ᠴᠠᠭᠠᠨ ᠵᠢᠰᠦᠮ ᠲᠠᠢ | ᠳᠣᠩ ᠴᠠᠭᠠᠨ ᠰᠢᠳᠦ ᠲᠠᠢ | ᠲᠠᠪᠠᠷᠢ ᠪᠦᠳᠦᠭᠦᠨ ᠰᠡᠭᠦᠯ ᠲᠠᠢ | ᠲᠡᠯᠢᠮ ᠥᠷᠭᠡᠨ ᠤᠭᠤᠴᠠ ᠲᠠᠢ | ᠨᠠᠪᠴᠢᠨ ᠬᠤᠶᠠᠷ ᠴᠢᠬᠢ ᠲᠠᠢ | ᠨᠣᠮᠣᠬᠠᠨ ᠪᠣᠷᠣ ᠨᠢᠳᠦ ᠲᠠᠢ | ᠮᠣᠯᠣᠷ ᠡᠷᠳᠡᠨᠢ ᠶᠢᠨ ᠲᠣᠯᠣᠭᠠᠢ ᠲᠠᠢ | ᠮᠣᠩᠬᠤᠷ ᠪᠠᠬᠢᠯᠡᠭᠦᠨ ᠬᠠᠮᠠᠷ ᠲᠠᠢ | ᠬᠤᠷᠮᠤᠰᠲᠠ ᠲᠡᠭᠷᠢ ᠠᠴᠠ ᠰᠣᠶᠣᠷᠬᠠᠭᠰᠠᠨ | ᠬᠤᠪᠢ ᠲᠠᠢ ᠳᠣᠬᠢᠶᠠᠳᠠᠭ ᠰᠢᠭᠦᠰᠦ ᠶᠤᠮ | ᠬᠤᠷᠢᠮ ᠤᠨ ᠣᠯᠠᠨ ᠳᠠᠭᠠᠨ ᠳᠡᠪᠰᠢᠭᠦᠯᠬᠦ | ᠬᠤᠪᠤᠷ ᠡᠷᠳᠡᠨᠢ ᠶᠢᠨ ᠢᠳᠡᠭᠡᠨ ᠶᠤᠮ᠃ | ᠵᠧ — | ᠲᠦᠰᠢᠮᠡᠯ ᠢᠶᠠᠷ ᠰᠠᠭᠠᠲᠠᠭᠰᠠᠨ ᠬᠤᠳᠠ ᠮᠢᠨᠢ | ᠲᠦᠰᠢᠭ ᠰᠠᠶᠢᠲᠡᠢ ᠠᠬᠠᠮᠠᠳ ᠮᠢᠨᠢ | ᠡᠬᠡᠴᠢᠯᠡᠵᠦ ᠭᠡᠷᠡᠯᠲᠦᠭᠦᠯᠦᠭᠰᠡᠨ ᠬᠤᠳᠠᠭᠠᠢ ᠮᠢᠨᠢ | ᠡᠷᠭᠢᠯᠲᠡ ᠪᠠᠷ ᠮᠤᠷᠢᠯᠠᠭᠰᠠᠨ ᠬᠤᠳᠠ ᠮᠢᠨᠢ | ᠠᠯᠲᠠᠨ ᠲᠡᠪᠰᠢ ᠲᠠᠢ ᠢᠳᠡᠭᠡᠨ ᠠᠴᠠ ᠮᠠᠨᠢ | ᠠᠮᠠᠭᠷᠠᠵᠤ ᠲᠠᠭᠠᠯᠠᠨ ᠪᠣᠯᠭᠤᠭᠠᠮᠦ | ᠮᠥᠩᠭᠦᠨ ᠬᠤᠢ ᠲᠠᠢ ᠬᠢᠲᠤᠭ᠎ᠠ ᠪᠠᠷ ᠢᠶᠠᠨ | ᠮᠦᠴᠡᠲᠦ ᠰᠢᠭᠦᠰᠦ ᠶᠢ ᠮᠠᠨᠢ ᠬᠥᠨᠳᠡᠮᠦ | ᠵᠥᠪ ᠡᠷᠭᠢᠭᠰᠡᠨ ᠭᠠᠰ ᠢᠶᠠᠷ ᠨᠢ | ᠵᠦᠩ ᠲᠠᠢ ᠲᠣᠯᠣᠭᠠᠢ ᠶᠢ ᠨᠢ ᠴᠢᠮᠡᠭᠯᠡᠮᠦ | ᠡᠷᠳᠡᠨᠢᠲᠦ ᠢᠳᠡᠭᠡᠨ ᠤ ᠮᠠᠨᠢ ᠳᠡᠭᠡᠵᠢ ᠶᠢ | ᠡᠰᠡᠷᠸ᠎ᠡ ᠲᠡᠭᠷᠢ ᠳᠡᠭᠡᠨ ᠡᠷᠭᠦᠮᠦ | ᠡᠰᠭᠡᠵᠦ ᠵᠦᠰᠦᠭᠰᠡᠨ ᠳᠡᠭᠡᠵᠢ ᠠᠴᠠ ᠪᠠᠨ | ᠡᠷᠬᠢᠮ ᠵᠤᠴᠢᠳ ᠲᠠᠭᠠᠨ ᠲᠥᠭᠡᠭᠡᠮᠦ | ᠦᠨᠳᠦᠷ ᠰᠢᠷᠡᠭᠡᠨ ᠳᠤ ᠮᠠᠨᠢ ᠲᠠᠪᠠᠯᠠᠵᠤ | ᠥᠳᠭᠡ ᠰᠢᠭᠦᠰᠦ ᠶᠢ ᠮᠢᠨᠢ ᠠᠮᠰᠠᠵᠠᠭᠠᠮᠦ︕ | ᠵᠧ — | ᠠᠮᠰᠠᠭᠰᠠᠨ ᠬᠦᠨᠳᠦᠲᠡᠨ ᠪᠦᠬᠦᠨ ᠤ ᠮᠠᠨᠢ | ᠠᠮᠠᠨ ᠢᠷᠦᠭᠡᠯ ᠨᠢ ᠳᠣᠭᠲᠠᠬᠤ ᠪᠣᠯᠲᠤᠭᠠᠢ | ᠠᠭᠠᠭ ᠲᠠᠢ ᠵᠠᠯᠠᠭᠤ ᠬᠤᠣᠰ ᠤᠨ ᠮᠠᠨᠢ | ᠠᠷᠪᠠᠨ ᠪᠤᠶᠠᠨ ᠨᠢ ᠳᠡᠯᠭᠡᠷᠡᠬᠦ ᠪᠤᠯᠲᠤᠭᠠᠢ︕ | ᠵᠤᠭᠤᠭᠯᠠᠭᠰᠠᠨ ᠡᠷᠬᠢᠮ ᠵᠤᠴᠢᠳ ᠤᠨ ᠮᠠᠨᠢ | ᠵᠤᠵᠠᠭᠠᠨ ᠬᠡᠰᠢᠭ ᠬᠤᠷᠠᠬᠤ ᠪᠣᠯᠲᠤᠭᠠᠢ︕ | ᠵᠢᠷᠤᠮ ᠲᠠᠢ ᠰᠢᠨ᠎ᠡ ᠬᠤᠣᠰ ᠤᠨ ᠮᠠᠨᠢ | ᠵᠣᠯᠪᠣᠭ᠎ᠠ ᠬᠡᠶᠢᠮᠤᠷᠢ ᠨᠢ ᠮᠠᠨᠳᠤᠬᠤ ᠪᠤᠯᠲᠤᠭᠠᠢ︕ | | ᠬᠤᠷᠤᠢ᠂ ᠬᠤᠷᠤᠢ︕ ᠬᠤᠷᠤᠢ᠂ ᠬᠤᠷᠤᠢ︕ | ᠬᠤᠷᠤᠢ᠂ ᠬᠤᠷᠤᠢ︕ | | | | | |