| | | | | | ᠳᠤᠳᠤᠳᠤᠶᠠᠭᠠᠯᠳᠤ | ᠴᠡᠬᠡᠷ ᠬᠤᠷᠢᠭ᠎ᠠ ᠪᠤᠯᠪᠠᠰᠤ | ᠮᠤᠩᠭᠤᠯᠴᠤᠳ ᠤᠨ ᠤᠯᠠᠮᠵᠢᠯᠠᠯᠳᠤ ᠠᠬᠠᠴᠢᠯᠠᠯ | ᠳᠡᠬᠦᠦᠴᠢᠯᠡᠯ ᠤᠨ ᠶᠤᠰᠤ ᠵᠦᠢ᠂ ᠡᠶᠡᠯᠳᠡᠭ | ᠨᠠᠶᠢᠷᠰᠠᠭ ᠵᠠᠩ ᠮᠤᠷᠠᠯ ᠪᠠ ᠬᠤᠶᠢᠴᠢ ᠦᠶ᠎ᠡ ᠪᠠᠨ | ᠡᠶ᠎ᠡ ᠡᠪᠳᠡᠢ ᠪᠠᠷ ᠬᠦᠳᠦᠯᠦᠨ ᠬᠦᠮᠦᠵᠢᠬᠦᠯᠬᠦ | ᠰᠤᠷᠭᠠᠨ ᠬᠦᠮᠦᠵᠢᠯ ᠲᠠᠢ ᠨᠢᠬᠳᠠ ᠬᠤᠯᠪᠤᠭ᠎ᠠ | ᠲᠠᠢ ᠶᠤᠮ᠃ | ᠬᠠᠨᠭ᠍ᠬᠢᠨ ᠮᠤᠩᠭᠤᠯᠴᠤᠳ ᠡᠷᠳᠡ | ᠢᠵᠠᠭᠤᠷ ᠠᠴᠠ ᠪᠠᠨ ᠢᠨᠠᠬᠰᠢ ᠴᠡᠬᠡᠷ ᠬᠤᠷᠢᠭ᠎ᠠ | ᠶᠢᠨ ᠳᠠᠯ᠎ᠠ ᠪᠠᠷ ᠰᠦᠷᠡᠬᠡᠢ ᠴᠢᠬᠤᠯᠠᠴᠢᠯᠠᠳᠠᠭ | ᠠᠵᠤᠭᠤ᠃ ᠬᠦᠮᠦᠨ ᠬᠠᠷ᠎ᠠ ᠲᠠᠢ ᠬᠠᠷᠢᠯᠴᠠᠬᠤ᠂ | ᠠᠶᠢᠯ ᠬᠡᠷ ᠤᠨ ᠠᠳᠠᠯ ᠶᠠᠪᠤᠳᠠᠯ ᠬᠢᠬᠦ᠂ ᠮᠠᠯ | ᠤᠨᠤᠭᠠᠨ ᠳᠤ ᠤᠶᠢᠷᠠᠳᠤᠬᠤ᠂ ᠬᠤᠷᠢᠮ ᠨᠠᠶᠢᠷ᠂ | ᠪᠠᠶᠠᠷ ᠴᠤᠬᠯᠠᠭᠠᠨ ᠳᠤ ᠤᠷᠤᠯᠴᠠᠬᠤ ᠵᠡᠷᠬᠡ ᠶᠢᠨ | ᠠᠵᠢᠯᠯᠠᠭ᠎ᠠ ᠪᠦᠷᠢ ᠳᠤ ᠪᠦᠷᠢᠨ ᠳᠦᠬᠦᠷ | ᠳᠤᠭᠳᠠᠪᠤᠷᠢᠵᠢᠬᠰᠠᠨ ᠨᠢᠬᠡᠨ ᠵᠦᠢᠯ ᠤᠨ ᠰᠠᠬᠢᠯ | ᠳᠦᠷᠢᠮ ᠪᠠᠶᠢᠵᠤ᠂ ᠨᠢᠬᠦᠯ ᠬᠢᠬᠦ᠂ ᠪᠤᠶᠠᠨ | ᠦᠢᠯᠡᠳᠬᠦ ᠵᠡᠷᠬᠡ ᠶᠢᠨ ᠬᠡᠯᠡᠯᠬᠡ ᠪᠠᠷ ᠬᠦᠮᠦᠰ ᠤᠨ | ᠠᠵᠢᠯᠯᠠᠭ᠎ᠠ ᠶᠢ ᠮᠠᠰᠢ ᠳᠢᠭᠯᠢᠮ ᠲᠠᠢ ᠪᠠᠷ | ᠬᠦᠳᠦᠯᠦᠨ ᠵᠢᠯᠤᠭᠤᠳᠤᠳᠠᠭ ᠶᠤᠮ᠃ ︽ᠠᠶᠢᠯ | ᠳᠤ ᠤᠷᠤᠬᠤ ᠳᠠᠭᠠᠨ ᠬᠡᠷ ᠤᠨ ᠬᠢᠨᠢ ᠵᠡᠬᠦᠨ | ᠳᠠᠯ᠎ᠠ ᠪᠠᠷ ᠳᠤᠭᠤᠶᠢᠯᠠᠨ ᠤᠴᠢᠳᠠᠭ᠂ ᠳᠡᠬᠡᠬᠦ | ᠳᠡᠭᠡᠨ ᠳᠠᠰᠢᠭᠤᠷ᠂ ᠳᠡᠬᠡᠰᠦ᠂ ᠬᠤᠭᠤᠰᠤᠨ | ᠰᠠᠪᠠ᠂ ᠵᠡᠷ ᠵᠡᠪᠰᠡᠭ ᠢ ᠪᠠᠷᠢᠵᠤ ᠠᠶᠢᠯ ᠳᠤ | ᠤᠷᠤᠵᠤ ᠪᠤᠯᠬᠤ ᠦᠭᠡᠢ︾ ᠬᠡᠳᠡᠭ᠃ ᠡᠨᠡ ᠬᠦ | ᠴᠡᠬᠡᠷ ᠬᠤᠷᠢᠭ᠎ᠠ ᠪᠠᠷ ᠠᠪᠴᠤ ᠦᠵᠡᠪᠡᠯ ᠳᠠᠷᠤᠢ | ᠠᠶᠢᠯ ᠬᠡᠷ᠂ ᠠᠶᠢᠮᠠᠭ ᠰᠠᠬᠠᠭᠠᠯᠳᠠᠨ ᠢᠶᠠᠨ | ᠬᠦᠨᠳᠦᠳᠬᠡᠬᠦ ᠦᠭᠡᠢ ᠪᠠᠶᠢᠬᠤ ᠶᠢ ᠴᠡᠬᠡᠷᠯᠡᠭᠰᠡᠨ | ᠤᠴᠢᠷ ᠪᠤᠯᠤᠨ᠎ᠠ᠃ ᠡᠨᠡ ᠮᠡᠳᠦ ᠪᠠᠷ ᠬᠦᠨᠳᠦᠯᠡᠬᠦ | ᠶᠤᠰᠤᠨ ᠤ ᠴᠡᠬᠡᠷ᠂ ᠬᠡᠷ ᠤᠨ ᠴᠡᠬᠡᠷ᠂ ᠢᠳᠡᠬᠡᠨ | ᠤᠮᠳᠠᠭᠠᠨ ᠤ ᠴᠡᠬᠡᠷ᠂ ᠠᠳᠤᠭᠤᠰᠤ ᠮᠠᠯ ᠳᠤ | ᠴᠡᠬᠡᠷᠯᠡᠬᠦ ᠵᠡᠷᠬᠡ ᠶᠢᠨ ᠠᠷᠪᠢᠨ ᠤᠯᠠᠨ ᠴᠡᠬᠡᠷ | ᠬᠤᠷᠢᠭ᠎ᠠ ᠪᠠᠶᠢᠳᠠᠭ᠃ | | ᠨᠢᠬᠡ᠂ ᠬᠦᠨᠳᠦᠯᠡᠬᠦ ᠶᠤᠰᠤᠨ ᠤ ᠴᠡᠬᠡᠷ | ᠮᠤᠩᠭᠤᠯᠴᠤᠳ ᠬᠦᠮᠦᠨ ᠲᠠᠢ ᠵᠤᠯᠭᠠᠬᠤ | ᠳᠠᠭᠠᠨ ᠮᠠᠭᠤ ᠬᠡᠳᠡᠭ ᠦᠬᠡ ᠶᠢ ᠴᠡᠬᠡᠷᠯᠡᠨ᠎ᠡ᠃ | ᠬᠦᠮᠦᠰ ᠲᠠᠢ ᠤᠴᠠᠷᠠᠪᠠᠯ ︽ᠰᠠᠶᠢᠨ ᠪᠠᠶᠢᠨ᠎ᠠ ᠤᠤ | ︖︾᠂ ︽ᠠᠮᠤᠷ︾᠂ ︽ᠠᠮᠤᠭᠤᠯᠠᠩ︾ | ᠬᠡᠵᠦ ᠮᠡᠡᠳᠦ ᠬᠢᠵᠦ ᠰᠠᠭᠤᠯᠵᠠᠬᠰᠠᠨ ᠤ ᠳᠠᠷᠠᠭ᠎ᠠ | ︽ᠮᠠᠯ ᠰᠦᠷᠦᠭ ᠰᠠᠶᠢᠨ︾᠂ ︽ᠬᠤᠷ᠎ᠠ | ᠪᠤᠷᠤᠭᠠᠨ ᠰᠠᠶᠢᠨ︾᠂ ︽ᠬᠦᠢᠳᠡᠨ ᠰᠠᠶᠢᠨ︾᠂ | ︽ᠪᠡᠶ᠎ᠡ ᠰᠠᠶᠢᠨ︾᠂ ︽ᠪᠡᠯᠴᠢᠬᠡᠷ ᠰᠠᠶᠢᠨ︾ | ᠬᠡᠬᠦ ᠮᠡᠳᠦ ᠪᠠᠷ ᠴᠠᠭ ᠤᠨ ᠦᠡᠭᠬᠡ᠂ ᠰᠠᠶᠢᠨ ᠤ | ᠪᠡᠯᠬᠡ ᠪᠠᠷ ᠵᠦᠡᠭᠨᠡᠵᠦ ᠠᠮᠤᠷ ᠮᠡᠡᠳᠦ | ᠠᠰᠠᠭᠤᠯᠴᠠᠨ ᠵᠤᠯᠭᠠᠬᠤ ᠪᠠᠨ ᠮᠠᠷᠳᠠᠳᠠᠭ ᠦᠭᠡᠢ | ᠶᠤᠮ᠃ ᠬᠡᠷᠪᠡ ᠬᠡᠷ ᠪᠦᠯᠢ᠂ ᠠᠬ᠎ᠠ ᠳᠡᠬᠦᠦ᠂ | ᠳᠦᠷᠦᠯ ᠰᠠᠳᠤᠨ ᠨᠢ ᠨᠠᠰᠤ ᠪᠠᠷᠠᠭᠰᠠᠨ ᠢ | ᠮᠡᠳᠡᠪᠡᠯ ᠠᠮᠤᠷ ᠠᠰᠠᠭᠤᠳᠠᠭ ᠦᠭᠡᠢ᠂ ᠵᠦᠪᠬᠡᠨ | ︽ᠶᠠᠭᠠᠷᠠᠵᠤ ᠪᠠᠶᠢᠨ᠎ᠠ ᠤᠤ︖︾ ᠬᠡᠬᠦ ᠮᠡᠳᠦ | ᠪᠠᠷ ᠬᠠᠷᠢᠯᠴᠠᠳᠠᠭ᠃ ᠡᠴᠢᠬᠡ ᠡᠬᠡ᠂ ᠠᠬ᠎ᠠ | ᠡᠬᠡᠴᠢ᠂ ᠳᠦᠷᠦᠯ ᠰᠠᠳᠤᠨ ᠠᠴᠠ ᠨᠢ ᠨᠠᠰᠤ | ᠪᠠᠷᠠᠬᠰᠠᠨ ᠬᠦᠮᠦᠨ ᠤ ᠨᠡᠷ᠎ᠡ ᠲᠠᠢ ᠠᠳᠠᠯᠢ ᠨᠡᠷ᠎ᠡ | ᠲᠠᠢ ᠬᠦᠮᠦᠨ ᠢ ᠨᠡᠷ᠎ᠡ ᠪᠠᠷ ᠨᠢ ᠳᠠᠭᠤᠳᠠᠳᠠᠭ | ᠦᠭᠡᠢ᠂ ᠡᠬᠢᠨ ᠤ ᠦᠰᠦᠭ ᠤᠨ ᠠᠪᠢᠶ᠎ᠠ ᠪᠠᠷ ᠨᠢ | ᠳᠠᠭᠤᠳᠠᠳᠠᠭ ᠶᠤᠰᠤ ᠲᠠᠢ᠃ ᠡᠨᠡ ᠨᠢ ᠨᠠᠰᠤ | ᠪᠠᠷᠠᠬᠰᠠᠨ ᠬᠦᠮᠦᠨ ᠢ ᠬᠦᠨᠳᠦᠳᠬᠡᠵᠦ ᠪᠠᠶᠢᠭ᠎ᠠ | ᠪᠠᠨ ᠢᠯᠡᠳᠬᠡᠵᠦ ᠪᠠᠶᠢᠬᠤ ᠤᠴᠢᠷ ᠵᠦᠢ ᠶᠤᠮ᠃ | ᠦᠬᠦᠭᠰᠡᠳ ᠤᠨ ᠨᠡᠷ᠎ᠡ ᠶᠢ ᠳᠤᠷᠠᠳᠬᠤ ᠶᠢ | ᠴᠡᠬᠡᠷᠯᠡᠳᠡᠭ ᠤᠨ ᠤᠴᠢᠷ ᠪᠤᠯ ᠬᠦᠮᠦᠨ ᠬᠡᠷᠪᠡ | ᠦᠬᠦᠪᠡᠯ ᠳᠡᠬᠦᠨ ᠤ ᠰᠦᠨᠡᠰᠦ ᠨᠢ ᠡᠨᠡ ᠬᠦ ᠠᠶᠢᠯ | ᠬᠡᠷ᠂ ᠳᠦᠷᠦᠯ ᠰᠠᠳᠤᠨ ᠢᠶᠠᠨ ᠬᠡᠵᠢᠶᠡᠳᠡ | ᠡᠷᠬᠢᠴᠡᠨ ᠢᠪᠡᠬᠡᠵᠦ ᠪᠠᠶᠢᠳᠠᠭ ᠪᠤᠯᠬᠤᠷ ᠳᠡᠬᠦᠨ ᠢ | ᠳᠠᠬᠢᠵᠤ ᠪᠠᠶᠠᠰᠬᠠᠬᠤ ᠬᠡᠷᠡᠭᠳᠡᠢ᠂ ᠡᠰᠡ ᠳᠡᠶᠢᠮᠦ | ᠪᠤᠯ ᠳᠡᠷᠡ ᠬᠦ ᠰᠦᠨᠡᠰᠦ ᠨᠢ ᠳᠦᠢᠳᠴᠦ ᠬᠢᠵᠢᠭ | ᠳᠠᠬᠤᠯ ᠬᠦᠷᠬᠡᠨ᠎ᠡ ᠬᠡᠵᠦ ᠦᠵᠡᠳᠡᠭ᠃ | ᠵᠤᠴᠢᠨ ᠳᠤ ᠴᠠᠢ ᠠᠶᠠᠭᠠᠯᠠᠪᠠᠯ ᠬᠤᠶᠠᠷ | ᠭᠠᠷ ᠢᠶᠠᠷ ᠢᠶᠠᠨ ᠪᠠᠷᠢᠵᠤ ᠦᠭᠬᠦᠨ᠎ᠡ᠃ ᠬᠦᠮᠦᠨ | ᠬᠠᠷ᠎ᠠ ᠠᠴᠠ ᠶᠠᠭᠤᠮ᠎ᠠ ᠬᠤᠮᠠ ᠠᠪᠴᠤ ᠪᠠᠷᠢᠬᠤ | ᠳᠠᠭᠠᠨ ᠬᠤᠶᠠᠷ ᠭᠠᠷ ᠢᠶᠠᠷ ᠪᠤᠶᠤ ᠪᠠᠷᠠᠭᠤᠨ ᠭᠠᠷ | ᠢᠶᠠᠷ ᠢᠶᠠᠨ ᠳᠤᠰᠴᠤ ᠠᠪᠬᠤ ᠠᠴᠠ ᠪᠢᠰᠢ ᠵᠡᠬᠦᠨ | ᠭᠠᠷ ᠢᠶᠠᠷ ᠢᠶᠠᠨ ᠳᠤᠰᠴᠤ ᠠᠪᠬᠤ ᠶᠢ | ᠴᠡᠬᠡᠷᠯᠡᠨ᠎ᠡ᠃ ᠬᠦᠮᠦᠨ ᠠᠴᠠ ᠶᠠᠭᠤᠮ᠎ᠠ ᠠᠪᠬᠤ | ᠪᠤᠶᠤ ᠬᠦᠮᠦᠨ ᠤ ᠬᠦᠷᠬᠡᠭᠰᠡᠨ ᠰᠠᠪᠠ ᠶᠢ ᠨᠢ | ᠬᠤᠭᠤᠰᠤᠨ ᠪᠤᠴᠠᠭᠠᠬᠤ ᠶᠢ ᠴᠡᠬᠡᠷᠯᠡᠳᠡᠩ᠂ ᠵᠠᠪᠠᠯ | ᠳᠤᠳᠤᠷ᠎ᠠ ᠨᠢ ᠪᠠᠭ᠎ᠠ ᠰᠠᠭ᠎ᠠ ᠢᠳᠡᠬᠦ ᠵᠦᠢᠯ ᠬᠢᠵᠦ | ᠪᠤᠴᠠᠭᠠᠳᠠᠭ᠃ | ᠵᠠᠯᠠᠭᠤ ᠪᠠᠭᠠᠴᠤᠳ ᠤᠨᠤᠭ᠎ᠠ ᠲᠠᠢ ᠶᠠᠪᠤᠵᠤ | ᠪᠠᠶᠢᠭᠠᠳ ᠠᠬᠠᠮᠠᠳ ᠬᠦᠮᠦᠨ ᠲᠠᠢ ᠤᠴᠠᠷᠠᠪᠠᠯ | ᠤᠨᠤᠭ᠎ᠠ ᠠᠴᠠ ᠪᠠᠨ ᠪᠠᠭᠤᠬᠤ ᠦᠭᠡᠢ ᠪᠠᠷ | ᠵᠦᠷᠢᠵᠦ ᠭᠠᠷᠬᠤ ᠶᠢ ᠴᠡᠬᠡᠷᠯᠡᠨ᠎ᠡ᠃ ᠬᠠᠷᠢᠨ | ᠤᠨᠤᠭ᠎ᠠ ᠠᠴᠠ ᠪᠠᠨ ᠪᠠᠭᠤᠵᠤ ᠠᠮᠤᠷ ᠡᠷᠢᠬᠡᠳ | ᠶᠠᠪᠤᠨ᠎ᠠ᠃ ᠬᠠᠶᠢᠴᠢ᠂ ᠬᠢᠳᠤᠭ᠎ᠠ ᠵᠡᠷᠬᠡ ᠶᠢᠨ | ᠡᠳ᠋ ᠤᠨ ᠢᠷ ᠢ ᠭᠠᠳᠠᠭᠰᠢ ᠪᠤᠶᠤ ᠬᠦᠮᠦᠨ ᠤ | ᠦᠬᠡᠳᠡ ᠬᠠᠨᠳᠤᠭᠤᠯᠤᠨ ᠳᠠᠯᠪᠢᠬᠤ ᠦᠭᠡᠢ᠂ | ᠪᠤᠰᠤᠳ ᠲᠤ ᠳᠠᠮᠵᠢᠭᠤᠯᠬᠤ ᠳᠠᠭᠠᠨ ᠴᠦ ᠢᠷ ᠢ | ᠨᠢ ᠪᠡᠶ᠎ᠡ ᠶᠢᠨ ᠢᠶᠠᠨ ᠵᠦᠭ ᠬᠠᠨᠳᠤᠭᠤᠯᠤᠨ | ᠦᠭᠬᠦᠨ᠎ᠡ᠃ | | ᠬᠤᠶᠠᠷ᠂ ᠬᠡᠷ ᠤᠨ ᠴᠡᠬᠡᠷ | ᠭᠠᠯ ᠳᠠᠬᠢᠬᠰᠠᠨ ᠤ ᠳᠠᠷᠠᠭ᠎ᠠ ᠭᠤᠷᠪᠠᠨ | ᠡᠳᠦᠷ ᠲᠤ ᠠᠳᠤᠭᠤ ᠮᠠᠯ᠂ ᠠᠮᠤ ᠳᠠᠷᠢᠶ᠎ᠠ ᠶᠢ | ᠭᠠᠳᠠᠬᠰᠢ ᠭᠠᠷᠭᠠᠬᠤ ᠶᠢ ᠴᠡᠬᠡᠷᠯᠡᠨ᠎ᠡ᠃ ᠤᠴᠢᠷ | ᠨᠢ ᠭᠠᠯ ᠳᠠᠬᠢᠬᠤ ᠪᠤᠯ ᠳᠡᠭᠷᠢ ᠠᠴᠠ ᠬᠡᠰᠢᠭ | ᠭᠤᠶᠤᠵᠤ ᠪᠠᠶᠢᠭ᠎ᠠ ᠳᠤᠯᠠ ᠳᠡᠬᠦᠨ ᠢᠶᠠᠨ | ᠬᠦᠯᠢᠶᠡᠬᠦ ᠪᠦᠬᠡᠳ ᠭᠠᠳᠠᠭᠰᠢ ᠰᠠᠷᠨᠢᠬᠤ ᠠᠴᠠ | ᠰᠡᠷᠬᠡᠶᠢᠯᠡᠳᠡᠭ᠃ | ᠰᠦᠨᠢ ᠦᠳᠡᠰᠢ ᠱᠦᠬᠦᠷ ᠬᠦᠳᠡᠯᠬᠡᠵᠦ | ᠬᠤᠭ ᠦᠨᠡᠰᠦ ᠵᠡᠷᠬᠡ ᠶᠢ ᠬᠡᠷ ᠠᠴᠠ ᠭᠠᠷᠭᠠᠵᠤ | ᠬᠠᠶᠠᠬᠤ ᠶᠢ ᠴᠡᠬᠡᠷᠯᠡᠨ᠎ᠡ᠃ | ᠪᠤᠭ ᠯᠠᠭ ᠱᠦᠬᠦᠷᠳᠡᠬᠦ ᠳᠡᠭᠡᠨ ᠨᠢᠬᠡ | ᠳᠤᠤᠷ᠎ᠠ ᠬᠤᠶᠠᠷ ᠱᠦᠬᠦᠷ ᠬᠦᠳᠡᠯᠬᠡᠬᠦ ᠶᠢ | ᠴᠡᠬᠡᠷᠯᠡᠨ᠎ᠡ᠃ ᠱᠦᠬᠦᠷ ᠪᠤᠶᠤ ᠤᠬᠢᠶᠠᠳᠠᠭᠤᠷ ᠢ | ᠪᠦᠳᠦᠨ ᠢᠶᠠᠷ ᠨᠢ ᠬᠠᠶᠠᠬᠤ ᠦᠭᠡᠢ᠂ ᠡᠰᠡ | ᠳᠡᠶᠢᠮᠦ ᠪᠤᠯ ᠪᠤᠭ ᠴᠢᠳᠬᠦᠷ ᠪᠤᠰᠤᠨ᠎ᠠ ᠬᠡᠳᠡᠭ᠃ | ᠦᠨᠡᠰᠦ ᠪᠤᠯᠤᠨ ᠬᠤᠭ ᠯᠠᠭ ᠢᠶᠠᠨ ᠵᠠᠪᠠᠯ | ᠵᠡᠬᠦᠨ ᠡᠮᠦᠨ᠎ᠡ ᠵᠦᠭ ᠲᠤ ᠠᠪᠠᠴᠢᠨ ᠠᠰᠬᠠᠵᠤ᠂ | ᠬᠤᠭ ᠯᠠᠭ ᠨᠢ ᠵᠠᠪᠠᠯ ᠦᠨᠡᠰᠦᠨ ᠤᠪᠤᠭᠠᠨ ᠤ | ᠬᠤᠶᠢᠳᠤ ᠳᠠᠯ᠎ᠠ ᠳᠤ ᠠᠰᠬᠠᠨ᠎ᠠ᠂ ᠦᠨᠡᠰᠦ ᠬᠤᠭ | ᠯᠠᠭ ᠢ ᠨᠡᠶᠢᠯᠡᠬᠦᠯᠪᠡᠯ ᠪᠤᠭ ᠴᠢᠳᠬᠦᠷ ᠪᠤᠰᠤᠨ᠎ᠠ | ᠬᠡᠳᠡᠭ᠂ ᠡᠶᠢᠮᠦ ᠠᠴᠠ ᠦᠨᠡᠰᠦ ᠬᠤᠭ ᠢ | ᠨᠡᠶᠢᠯᠡᠬᠦᠯᠵᠦ ᠬᠠᠶᠠᠬᠤ ᠶᠢ ᠴᠡᠬᠡᠷᠯᠡᠨ᠎ᠡ᠃ | ᠡᠬᠦᠳᠡ ᠪᠠᠷ ᠭᠠᠷᠴᠤ ᠤᠷᠤᠬᠤ ᠳᠠᠭᠠᠨ | ᠪᠤᠱᠤᠭ᠎ᠠ ᠤᠨᠤᠵᠤ ᠵᠤᠬᠰᠤᠬᠤ ᠪᠤᠶᠤ ᠬᠢᠰᠬᠢᠬᠦ ᠶᠢ | ᠴᠡᠬᠡᠷᠯᠡᠨ᠎ᠡ᠃ | ᠬᠡᠯᠳᠡᠷᠬᠡᠢ ᠠᠶᠠᠭ᠎ᠠ ᠪᠠᠷ ᠬᠦᠮᠦᠨ ᠳᠤ ᠴᠠᠢ | ᠪᠤᠳᠠᠭ᠎ᠠ ᠠᠶᠠᠭᠠᠯᠠᠪᠠᠯ ᠬᠡᠷ ᠤᠨ ᠪᠤᠶᠠᠨ | ᠬᠠᠰᠤᠭᠳᠠᠨ᠎ᠠ ᠬᠡᠳᠡᠭ᠃ | ᠬᠡᠷ ᠤᠨ ᠡᠬᠦᠳᠡ ᠶᠢ ᠪᠤᠷᠤᠭᠤ ᠳᠠᠯ᠎ᠠ | ᠠᠴᠠ ᠨᠢ ᠰᠡᠬᠦᠵᠦ ᠪᠤᠯᠬᠤ ᠦᠭᠡᠢ᠃ | ᠬᠡᠷ ᠤᠨ ᠡᠬᠦᠳᠡᠨ ᠤ ᠵᠡᠬᠦᠨ ᠬᠠᠪᠢ ᠳᠤ | ᠰᠠᠭᠤᠵᠤ ᠪᠤᠯᠬᠤ ᠦᠭᠡᠢ᠃ ᠵᠤᠤᠬ᠎ᠠ ᠳᠤᠯᠭᠠᠨ | ᠳᠡᠬᠡᠷ᠎ᠡ ᠰᠠᠭᠤᠬᠤ ᠶᠢ ᠴᠡᠬᠡᠷᠯᠡᠨ᠎ᠡ᠃ | ᠳᠡᠬᠡᠰᠦ ᠴᠢᠷᠦᠬᠦ ᠶᠢ ᠴᠡᠬᠡᠷᠯᠡᠨ᠎ᠡ᠂ | ᠴᠢᠷᠦᠵᠦ ᠶᠠᠪᠤᠪᠠᠯ ᠠᠯᠢᠪᠠ ᠠᠵᠢᠯ ᠦᠢᠯᠡᠰ | ᠴᠢᠷᠦᠯᠳᠦᠨ ᠤᠨᠵᠢᠷᠠᠵᠤ ᠰᠤᠨᠵᠢᠷᠠᠨᠠ ᠬᠡᠳᠡᠭ᠃ | ᠳᠤᠭᠤᠭᠠᠨ ᠳᠤᠳᠤᠷ᠎ᠠ ᠬᠤᠭᠤᠰᠤᠨ ᠤᠰᠤ | ︵ᠬᠠᠷ᠎ᠠ ᠤᠰᠤ︶ ᠶᠢ ᠤᠳᠠᠭᠠᠨ ᠴᠠᠭ ᠢᠶᠠᠷ | ᠪᠤᠴᠠᠯᠭᠠᠬᠤ ᠶᠢ ᠴᠡᠬᠡᠷᠯᠡᠨ᠎ᠡ᠃ | ᠤᠭᠤᠳᠠ ᠳᠠᠭᠠᠷᠴᠤᠭ ᠤᠨ ᠠᠮᠠᠰᠠᠷ ᠢ | ᠳᠡᠷᠡ ᠪᠡᠶ᠎ᠡ ᠪᠠᠷ ᠨᠢ ᠵᠠᠩᠬᠢᠳᠬᠤ ᠶᠢ ᠴᠡᠬᠡᠷᠯᠡᠨ᠎ᠡ᠂ | ᠤᠴᠢᠷ ᠨᠢ ᠦᠬᠦᠭᠰᠡᠨ ᠬᠦᠮᠦᠨ ᠢ ᠬᠢᠳᠡᠭ | ᠴᠠᠭᠠᠨ ᠳᠠᠭᠠᠷᠴᠤᠭ ᠢ ᠰᠡᠶ᠋ᠢ ᠳᠡᠬᠡᠵᠦ ᠤᠶᠠᠳᠠᠭ | ᠠᠴᠠ ᠢᠡᠭᠬᠢᠵᠦ ᠴᠡᠬᠡᠷᠯᠡᠳᠡᠭ ᠪᠠᠶᠢᠨ᠎ᠠ᠃ | ᠮᠤᠷᠢ ᠤᠨᠤᠭ᠎ᠠ ᠳᠡᠬᠡᠷ᠎ᠡ ᠬᠤᠪᠴᠠᠰᠤ | ᠪᠤᠶᠤ ᠰᠠᠪᠠ ᠶᠢ ᠭᠠᠨᠵᠤᠭᠠᠯᠠᠬᠤ ᠳᠤ ᠬᠦᠷᠪᠡᠯ | ᠡᠷᠬᠡᠪᠡᠰᠢ ᠬᠤᠪᠴᠠᠰᠤᠨ ᠤ ᠵᠠᠭᠠᠮ᠎ᠠ ᠪᠠ | ᠳᠠᠭᠠᠷᠴᠤᠭ ᠤᠨ ᠠᠮᠠ ᠶᠢ ᠵᠦᠪ ᠳᠠᠯ᠎ᠠ ᠵᠦᠭ | ᠬᠠᠨᠳᠤᠭᠤᠯᠬᠤ ᠬᠡᠷᠡᠭᠳᠡᠢ᠃ | ᠭᠠᠷᠤᠨ ᠤᠷᠤᠨ ᠬᠡᠨᠭᠰᠢᠪᠡᠯ ᠭᠠᠭᠴᠠᠭᠠᠷ | ᠶᠠᠪᠤᠬᠤ ᠶᠢᠨ ᠳᠡᠮᠳᠡᠭ ᠬᠡᠵᠦ ᠬᠡᠵᠢᠶᠡᠳᠡ ᠬᠡᠨᠭᠰᠢᠬᠦ | ᠶᠢ ᠴᠡᠬᠡᠷᠯᠡᠨ᠎ᠡ᠃ | ᠳᠡᠪᠢᠬᠦᠷ ᠢᠶᠠᠷ ᠶᠠᠭᠤᠮ᠎ᠠ ᠳᠠᠪᠢᠬᠦ ᠳᠡᠭᠡᠨ | ᠬᠡᠷ ᠠᠴᠠ ᠪᠠᠨ ᠭᠠᠳᠠᠬᠰᠢ ᠬᠠᠨᠳᠤᠭᠤᠯᠤᠨ | ᠳᠡᠪᠢᠵᠦ ᠪᠤᠯᠬᠤ ᠦᠭᠡᠢ᠂ ᠡᠰᠡ ᠳᠡᠶᠢᠮᠦ ᠪᠤᠯ | ᠬᠡᠷ ᠤᠨ ᠪᠤᠶᠠᠨ ᠢᠶᠠᠨ ᠳᠠᠪᠢᠨ ᠭᠠᠷᠭᠠᠨ᠎ᠠ ᠬᠡᠳᠡᠭ᠃ | | ᠠᠶᠠᠭ᠎ᠠ ᠱᠠᠭᠠᠵᠠᠩ ᠢᠶᠠᠨ ᠰᠠᠵᠢᠬᠤ ᠶᠢ | ᠴᠡᠬᠡᠷᠯᠡᠨ᠎ᠡ᠂ ᠪᠤᠶᠠᠨ ᠬᠡᠰᠢᠭ ᠢᠶᠠᠨ ᠰᠠᠵᠢᠵᠤ | ᠪᠠᠷᠠᠨ᠎ᠠ ᠬᠡᠳᠡᠭ᠃ | ᠪᠢᠳᠡᠬᠦᠦ ᠰᠦᠨᠢ ᠭᠠᠵᠠᠷ ᠲᠤ ᠤᠰᠤ | ᠠᠰᠬᠠᠪᠠᠯ ᠶᠠᠷ᠎ᠠ ᠰᠢᠷᠬᠠᠨ ᠳᠤ ᠪᠠᠷᠢᠬᠳᠠᠨᠠ ᠬᠡᠵᠦ | ᠴᠡᠬᠡᠷᠯᠡᠳᠡᠭ᠃ ᠶᠡᠭᠡ ᠰᠢᠭ ᠰᠠᠪᠠ ᠰᠠᠭᠤᠯᠠᠭ᠎ᠠ | ᠳᠠᠯᠪᠢᠨ ᠠᠷᠴᠢᠬᠰᠠᠨ ᠤᠬᠢᠶᠠᠬᠰᠠᠨ ᠤᠰᠤ ᠪᠠᠨ | ᠳᠡᠬᠦᠨ ᠳᠤ ᠬᠢᠵᠦ ᠪᠠᠶᠢᠭᠠᠳ ᠮᠠᠷᠭᠠᠰᠢ ᠶᠢᠨ | ᠪᠠᠭ᠎ᠠ ᠦᠳᠡ ᠳᠤ ᠭᠠᠳᠠᠭᠰᠢ ᠠᠪᠠᠴᠢᠵᠤ | ᠠᠰᠬᠠᠳᠠᠭ᠃ | | ᠭᠤᠷᠪᠠ᠂ ᠢᠳᠡᠬᠡᠨ ᠤᠮᠳᠠᠭᠠᠨ ᠤ ᠴᠡᠬᠡᠷ | ᠳᠠᠪᠤᠰᠤ ᠶᠢ ᠰᠠᠶᠢᠰᠠ ᠡᠯᠬᠡᠭ ᠢᠶᠠᠷ | ᠰᠠᠶᠢᠰᠠᠳᠠᠵᠤ ᠳᠤᠭᠤᠭᠠᠨ ᠳᠤ ᠬᠢᠬᠦ᠂ ᠬᠦᠮᠦᠨ | ᠳᠤ ᠦᠭᠬᠦ ᠳᠡᠭᠡᠨ ᠠᠳᠬᠤ ᠪᠠᠷ ᠠᠳᠬᠤᠨ | ᠰᠢᠭᠤᠳ ᠦᠭᠬᠦ ᠵᠡᠷᠬᠡ ᠶᠢ ᠴᠡᠬᠡᠷᠯᠡᠨ᠎ᠡ᠂ | ᠳᠠᠪᠤᠰᠤ ᠶᠢ ᠭᠠᠯ ᠳᠤ ᠬᠢᠵᠦ ᠪᠤᠯᠬᠤ ᠦᠭᠡᠢ᠃ | ᠡᠰᠡ ᠳᠡᠶᠢᠮᠦ ᠪᠤᠯ ᠭᠠᠯ ᠪᠤᠷᠬᠠᠨ ᠰᠤᠴᠢᠨ᠎ᠠ | ᠬᠡᠳᠡᠭ᠃ | ᠰᠠᠷᠢᠮᠰᠤᠭ ᠢ ᠭᠠᠷ ᠢᠶᠠᠷ ᠳᠠᠮᠵᠢᠭᠤᠯᠤᠨ | ᠦᠭᠴᠦ ᠪᠤᠯᠬᠤ ᠦᠭᠡᠢ᠂ ᠬᠡᠷᠪᠡ ᠳᠡᠬᠡᠪᠡᠯ | ᠦᠰᠢᠶ᠎ᠡ ᠲᠠᠢ ᠪᠤᠯᠤᠨ᠎ᠠ ᠬᠡᠳᠡᠭ | ᠬᠡᠦᠬᠡᠳ ᠪᠤᠭᠤᠨᠢ ᠬᠠᠪᠢᠰᠤ ᠢᠳᠡᠵᠦ | ᠪᠤᠯᠬᠤ ᠦᠭᠡᠢ ᠂ ᠬᠡᠷᠪᠡ ᠢᠳᠡᠪᠡᠯ ᠦᠨᠦᠴᠢᠨ | ᠦᠷᠦᠬᠡᠰᠦᠨ ᠪᠤᠯᠤᠨ᠎ᠠ ᠬᠡᠳᠡᠭ᠃ | ᠳᠠᠯᠤ ᠶᠢ ᠢᠳᠡᠬᠦ ᠳᠡᠭᠡᠨ ᠵᠠᠪᠠᠯ | ᠤᠬᠳᠤᠯᠵᠤ ᠢᠳᠡᠨ᠎ᠡ᠂ ᠰᠢᠳᠦ ᠪᠠᠷ ᠬᠠᠵᠠᠵᠤ | ᠢᠳᠡᠵᠦ ᠪᠤᠯᠬᠤ ᠦᠭᠡᠢ᠃ ᠳᠠᠯᠤ ᠶᠢ ᠳᠠᠶᠠᠭᠠᠷ | ᠢᠳᠡᠬᠦ ᠠᠴᠠ ᠭᠠᠭᠴᠠᠭᠠᠷ ᠢᠳᠡᠳᠡᠭ ᠦᠭᠡᠢ᠃ | ᠡᠶᠢᠮᠦ ᠠᠴᠠ ︽ᠳᠠᠯᠤ ᠶᠢᠨ ᠮᠢᠬ᠎ᠠ ᠶᠢ ᠳᠠᠶᠠᠭᠠᠷ | ᠢᠶᠠᠨ ᠵᠤᠭᠤᠬᠯᠠ︾ ᠬᠡᠳᠡᠭ ᠦᠬᠡ ᠪᠤᠢ᠃ | ᠡᠯᠢᠬᠡ ᠶᠢ ᠤᠭᠳᠤᠯᠬᠤ ᠠᠴᠠ ᠪᠢᠰᠢ | ᠡᠮᠳᠡᠯᠡᠵᠦ ᠰᠠᠯᠭᠠᠵᠤ ᠪᠤᠯᠬᠤ ᠦᠭᠡᠢ᠂ ᠤᠷᠤᠭ | ᠳᠦᠷᠦᠯ ᠤᠨ ᠶᠡᠭᠡ ᠨᠢᠬᠡᠳᠦᠯ ᠢ ᠡᠯᠢᠬᠡ ᠯᠡ | ᠳᠦᠯᠦᠬᠡᠯᠡᠨᠡ ᠬᠡᠳᠡᠭ᠃ | ᠮᠠᠭᠤ ᠰᠠᠷᠬᠢᠨᠠᠭ ᠢ ᠬᠡᠦᠬᠡᠳ ᠢᠳᠡᠪᠡᠯ | ᠰᠠᠷᠳᠠᠭ ᠪᠠᠷᠳᠠᠭ ︵ᠮᠠᠭᠤ ᠵᠠᠩ︶ ᠵᠠᠩ ᠲᠠᠢ | ᠪᠤᠯᠤᠨ᠎ᠠ ᠬᠡᠳᠡᠭ᠃ | ᠠᠶᠢᠯ ᠤᠨ ᠭᠠᠭᠴᠠ ᠬᠦᠦ ᠪᠤᠬᠳᠤ | ᠴᠢᠮᠦᠬᠡ ᠢᠳᠡᠳᠡᠭ ᠦᠭᠡᠢ᠃ ᠱᠠᠭ᠎ᠠ ᠴᠢᠮᠦᠬᠡᠨ ᠤ | ᠬᠠᠯᠢᠰᠤ ᠶᠢ ᠢᠳᠡᠵᠦ ᠪᠤᠯᠬᠤ ᠵᠠᠪᠠᠯ ᠦᠭᠡᠢ | ᠳᠦᠯᠡᠳᠡᠭ᠃ | ᠳᠤᠭᠤᠢ ᠬᠡᠯᠪᠡᠷᠢᠳᠡᠢ ᠪᠤᠭᠤᠷᠰᠤᠭ ᠬᠢᠪᠡᠯ | ᠵᠠᠪᠠᠯ ᠨᠠᠢᠮᠠᠨ ᠭᠤᠯᠳᠤ ᠵᠢᠷᠤᠭᠠᠰᠤ ᠶᠢᠨ ᠨᠦᠬᠡ | ᠭᠠᠷᠭᠠᠨ᠎ᠠ᠂ ᠵᠢᠷᠤᠭᠠᠰᠤᠨ ᠨᠦᠬᠡ ᠦᠭᠡᠢ ᠪᠤᠶᠤ | ᠬᠤᠸᠠᠷ ᠪᠢᠨᠳᠠᠷᠢᠶᠠᠨ ᠦᠭᠡᠢ ᠪᠤᠭᠤᠷᠰᠤᠭ ᠢ ᠪᠤᠯ | ᠦᠬᠦᠭᠰᠡᠨ ᠬᠦᠮᠦᠨ ᠤ ᠡᠮᠦᠨ᠎ᠡ ᠳᠠᠯᠪᠢᠳᠠᠭ᠃ | | ᠳᠦᠷᠪᠡ᠂ ᠠᠳᠤᠭᠤᠰᠤ ᠮᠠᠯ ᠳᠤ | ᠴᠡᠬᠡᠷᠯᠡᠬᠦ ᠶᠤᠰᠤ | ᠮᠠᠯ ᠳᠤᠭᠠᠯᠠᠬᠤ ᠳᠠᠭᠠᠨ ᠭᠠᠭᠴᠠ | ᠬᠤᠷᠤᠭᠤ ᠪᠠᠷ ᠢᠶᠠᠨ ᠳᠤᠶ᠋ᠢᠵᠤ ᠳᠤᠭᠠᠯᠠᠬᠤ ᠶᠢ | ᠴᠡᠬᠡᠷᠯᠡᠨ᠎ᠡ᠃ | ᠵᠢᠷᠮᠦᠰᠦᠨ ᠡᠮᠡᠭᠳᠡᠢ ᠳᠡᠮᠡᠭᠡ ᠤᠨᠤᠬᠤ ᠶᠢ | ᠴᠡᠬᠡᠷᠯᠡᠨ᠎ᠡ᠂ ᠬᠡᠷᠪᠡ ᠤᠨᠤᠬᠤ ᠴᠢᠬᠤᠯᠠ ᠲᠠᠢ | ᠪᠤᠯ ᠬᠦᠯ ᠳᠤᠤᠭᠤᠷ ᠨᠢ ᠦᠡᠭᠬᠡᠷᠡᠵᠦ ᠭᠠᠷᠤᠨ᠎ᠠ᠃ | ᠳᠡᠮᠡᠬᠡᠨ ᠤ ᠵᠦᠭ ᠰᠢᠬᠡᠵᠦ ᠪᠤᠯᠬᠤ ᠦᠭᠡᠢ᠃ | ᠡᠰᠡ ᠳᠡᠶᠢᠮᠦ ᠪᠤᠯ ᠰᠡᠳᠡᠷᠬᠡᠢ ᠤᠷᠤᠭᠤᠯ ᠲᠠᠢ | ᠬᠡᠦᠬᠡᠳ ᠲᠠᠢ ᠪᠤᠯᠤᠨ᠎ᠠ ᠬᠡᠳᠡᠭ᠃ | ᠡᠮᠨᠢᠭ ᠮᠤᠷᠢ ᠤᠨᠤᠪᠠᠯ ᠴᠢᠳᠤᠷ ᠪᠦᠰᠡᠯᠡᠬᠦ | ᠬᠡᠷᠡᠭᠳᠡᠢ᠂ ᠳᠡᠬᠡᠪᠡᠯ ᠶᠠᠰᠤ ᠬᠤᠭᠤᠷᠠᠬᠤ ᠦᠭᠡᠢ | ᠬᠡᠳᠡᠭ᠃ | ᠬᠤᠨᠢ ᠭᠠᠷᠭᠠᠬᠤ ︵ᠠᠯᠠᠬᠤ︶ ᠳᠠᠭᠠᠨ | ᠵᠠᠪᠠᠯ ᠴᠠᠭᠠᠨ ᠢᠰᠡᠬᠡᠢ ᠳᠡᠪᠢᠰᠦᠨ᠎ᠡ᠂ ᠤᠴᠢᠷ ᠨᠢ | ᠬᠤᠨᠢ ᠪᠤᠯ ᠳᠡᠭᠷᠢ ᠶᠢᠨ ᠤᠳᠤᠮ ᠲᠠᠢ ᠬᠡᠳᠡᠭ | ᠳᠤᠯᠠ ᠡᠰᠡ ᠳᠡᠶᠢᠮᠦ ᠪᠤᠯ ᠳᠡᠭᠷᠢ ᠪᠤᠷᠤᠭᠤ ᠪᠠᠷ | ᠦᠵᠡᠨ᠎ᠡ ᠬᠡᠳᠡᠭ᠃ | ᠮᠤᠷᠢᠨ ᠤ ᠳᠤᠯᠤᠭᠠᠢ ᠤᠷᠤᠭᠤ ᠴᠤᠬᠢᠪᠠᠯ ᠮᠤᠷᠢ | ᠴᠢᠮ᠎ᠡ ᠶᠢ ᠪᠤᠷᠤᠭᠤ ᠪᠠᠷ ᠦᠵᠡᠨ᠎ᠡ ᠬᠡᠳᠡᠭ᠃ | ᠦᠬᠡᠷ ᠤᠨ ᠡᠪᠡᠷ ᠢ ᠴᠤᠬᠢᠬᠤ ᠦᠭᠡᠢ᠂ | ᠨᠢᠬᠡ ᠦᠬᠡᠷ ᠤᠨ ᠡᠪᠡᠷ ᠢ ᠴᠤᠬᠢᠪᠠᠯ ᠮᠢᠩᠭᠠᠨ | ᠦᠬᠡᠷ ᠤᠨ ᠡᠪᠡᠷ ᠱᠠᠷᠬᠢᠷᠠᠨᠠ ᠬᠡᠳᠡᠭ᠃ | ᠮᠠᠯ ᠤᠨ ᠬᠤᠶᠢᠨ᠎ᠠ ᠠᠴᠠ ᠰᠢᠷᠦᠢ | ᠰᠠᠴᠤᠬᠤ ᠶᠢ ᠴᠡᠬᠡᠷᠯᠡᠨ᠎ᠡ᠂ ᠮᠠᠯ ᠤᠨ ᠢᠶᠠᠨ | ᠪᠤᠶᠠᠨ ᠬᠡᠰᠢᠭ ᠢ ᠬᠡᠶᠢᠰᠬᠡᠨᠡ ᠬᠡᠳᠡᠭ᠃ | ᠮᠤᠷᠢ ᠤᠨᠤᠭ᠎ᠠ ᠶᠢ ᠪᠤᠷᠤᠭᠤ ᠳᠠᠯ᠎ᠠ ᠠᠴᠠ | ᠨᠢ ᠤᠨᠤᠬᠤ ᠶᠢ ᠴᠡᠬᠡᠷᠯᠡᠨ᠎ᠡ᠂ ᠤᠷᠪᠠᠵᠤ | ᠳᠤᠳᠠᠭᠠᠬᠤ ᠦᠶ᠎ᠡ ᠳᠤ ᠰᠡᠶ᠋ᠢ ᠢᠡᠭᠬᠢᠳᠡᠭ᠃ | ᠰᠦ ᠦᠭᠡᠢ ᠢᠮᠠᠭᠠᠨ ᠤ ᠳᠡᠯᠢᠩ ᠢ | ᠪᠠᠷᠢᠵᠤ ᠳᠡᠮᠳᠡᠷᠢᠬᠦ ᠶᠢ ᠴᠡᠬᠡᠷᠯᠡᠨ᠎ᠡ᠂ ᠬᠡᠷᠪᠡ | ᠳᠡᠮᠳᠡᠷᠢᠪᠡᠯ ᠭᠠᠷ ᠤᠷᠤᠭᠤ ᠪᠠᠨ ᠨᠢᠯᠪᠤᠬᠤ ᠪᠤᠶᠤ | ᠦᠯᠢᠶᠡᠬᠦ ᠳᠤᠮ ᠬᠢᠳᠡᠭ᠃ | ᠮᠠᠯ ᠬᠤᠢ ᠪᠠᠨ ᠠᠳᠤᠭᠤᠯᠵᠤ ᠳᠠᠭᠤᠬᠤ | ᠳᠠᠭᠠᠨ ᠰᠢᠯᠡᠬᠡᠪᠦᠷ᠂ ᠳᠦᠯᠡᠩᠬᠡᠢ ᠦᠵᠦᠬᠦᠷ ᠲᠠᠢ | ᠮᠤᠳᠤ ᠪᠠᠷᠢᠵᠤ ᠶᠠᠪᠤᠬᠤ ᠶᠢ ᠴᠡᠬᠡᠷᠯᠡᠨ᠎ᠡ᠂ ᠡᠰᠡ | ᠳᠡᠶᠢᠮᠦ ᠪᠤᠯ ᠬᠤᠳᠠ ᠬᠠᠷᠠᠯᠠᠨ᠎ᠠ ᠬᠡᠳᠡᠭ᠃ | ᠮᠠᠯ ᠳᠤ ᠶᠠᠪᠤᠬᠤ ᠳᠠᠭᠠᠨ ᠤᠬᠢᠯᠠᠬᠤ ᠶᠢ | ᠴᠡᠬᠡᠷᠯᠡᠨ᠎ᠡ᠂ ᠮᠠᠯ ᠳᠤᠨᠢ ᠤᠬᠢᠯᠠᠩᠬᠠᠢ ᠡᠪᠡᠳᠴᠢᠨ | ᠳᠤᠰᠤᠨ᠎ᠠ ᠬᠡᠳᠡᠭ᠃ | ᠮᠠᠯ ᠬᠤᠳᠠᠯᠳᠤᠪᠠᠯ ᠬᠡᠰᠢᠭ ᠲᠠᠢ ᠨᠢ | ᠦᠭᠬᠦ ᠶᠢ ᠴᠡᠬᠡᠷᠯᠡᠨ᠎ᠡ᠂ ᠵᠠᠪᠠᠯ ᠮᠠᠯ ᠤᠨ ᠬᠡᠰᠢᠭ | ᠬᠡᠵᠦ ᠨᠤᠤᠰᠤ᠂ ᠳᠡᠯ ᠰᠡᠬᠦᠯ ᠠᠴᠠ ᠨᠢ ᠨᠢᠬᠡ | ᠤᠷᠢᠶᠠᠮᠠᠭ ᠠᠪᠴᠤ ᠦᠯᠡᠳᠡᠬᠡᠨ᠎ᠡ᠃ | ᠪᠢᠳᠡᠬᠦᠦ ᠪᠦᠭᠰᠡ ᠲᠠᠢ ᠳᠦᠯ ᠭᠠᠷᠪᠠᠯ | ᠦᠬᠡᠷ᠎ᠡ ᠶᠠᠭᠤᠮ᠎ᠠ ᠪᠠᠷ ᠴᠤᠭᠤᠯᠬᠤ ᠶᠢ | ᠴᠡᠬᠡᠷᠯᠡᠨ᠎ᠡ᠂ ᠵᠠᠪᠠᠯ ᠡᠩ ᠤᠨ ᠡᠰᠢ ᠶᠢᠨ | ᠦᠵᠦᠬᠦᠷ ᠢᠶᠠᠷ ᠴᠤᠭᠤᠯᠤᠨ᠎ᠠ᠃ | ᠦᠬᠦᠭᠰᠡᠨ ᠮᠠᠯ ᠢ ᠪᠦᠳᠦᠨ ᠢᠶᠠᠷ ᠨᠢ | ᠬᠠᠶᠠᠬᠤ ᠶᠢ ᠴᠡᠬᠡᠷᠯᠡᠨ᠎ᠡ᠂ ᠵᠠᠪᠠᠯ ᠬᠡᠳᠡᠰᠦ | ᠳᠤᠳᠤᠷ ᠢ ᠨᠢ ᠭᠠᠷᠭᠠᠵᠤ ᠬᠠᠶᠠᠨ᠎ᠠ᠃ | | ᠳᠠᠪᠤ᠂ ᠪᠤᠰᠤᠳ ᠴᠡᠬᠡᠷ | ᠳᠠᠭᠤᠳᠤ ᠪᠤᠷᠤᠭᠠᠨ ᠤ ᠦᠶ᠎ᠡ ᠳᠤ | ᠡᠬᠦᠳᠡᠨ ᠪᠤᠱᠤᠭ᠎ᠠ ᠳᠡᠬᠡᠷ᠎ᠡ ᠵᠤᠬᠰᠤᠬᠤ ᠶᠢ | ᠴᠡᠬᠡᠷᠯᠡᠨ᠎ᠡ᠃ | ᠳᠠᠷᠢᠬᠢ ᠪᠠᠨ ᠳᠤᠮᠨᠠᠭᠤᠯᠤᠬᠰᠠᠨ ᠬᠦᠮᠦᠨ | ᠭᠤᠷᠪᠠ ᠬᠤᠨᠤᠭ ᠤᠨ ᠳᠤᠳᠤᠷ᠎ᠠ ᠤᠨᠤᠭ᠎ᠠ | ᠤᠨᠤᠵᠤ ᠭᠤᠤᠯ ᠬᠡᠳᠦᠯᠬᠦ ᠪᠤᠶᠤ ᠵᠠᠮ | ᠤᠭᠳᠤᠯᠤᠨ ᠭᠠᠷᠬᠤ ᠶᠢ ᠴᠡᠬᠡᠷᠯᠡᠨ᠎ᠡ᠃ | ᠪᠤᠰᠤᠳ ᠬᠦᠮᠦᠨ ᠤ ᠬᠡᠳᠡ ᠶᠢ ᠳᠤᠷ᠎ᠠ | ᠪᠠᠷ ᠨᠡᠬᠡᠬᠡᠬᠦ ᠪᠤᠶᠤ ᠴᠠᠬᠢᠬᠤ ᠶᠢ ᠴᠡᠬᠡᠷᠯᠡᠨ᠎ᠡ᠃ | ᠰᠦᠬᠡ ᠠᠯᠤᠬᠠᠨ ᠳᠡᠬᠡᠬᠦᠷ ᠠᠯᠬᠤᠵᠤ | ᠭᠠᠷᠬᠤ ᠶᠢ ᠴᠡᠬᠡᠷᠯᠡᠨ᠎ᠡ᠂ ᠳᠡᠮᠦᠷ ᠢ ᠳᠡᠭᠷᠢ ᠶᠢᠨ | ᠰᠠᠬᠢᠭᠤᠯᠰᠤᠨ ᠬᠡᠳᠡᠭ᠃ | ᠬᠠᠶᠢᠴᠢ ᠰᠢᠪᠦᠬᠡᠨ ᠤ ᠳᠡᠬᠡᠬᠦᠷ ᠬᠢᠰᠬᠢᠬᠦ | ᠪᠤᠶᠤ ᠠᠯᠬᠤᠬᠤ ᠶᠢ ᠴᠡᠬᠡᠷᠯᠡᠨ᠎ᠡ᠂ ᠠᠮᠠᠭᠠᠢ ᠶᠠᠷ᠎ᠠ | ᠪᠤᠶᠤ ᠬᠠᠶᠢᠴᠢᠯᠠᠭᠤᠷ ᠶᠠᠷ᠎ᠠ ᠭᠠᠷᠤᠨ᠎ᠠ ᠬᠡᠳᠡᠭ᠃ | ᠬᠡᠨᠭᠰᠢᠬᠦᠦ ᠳᠦᠯᠡᠪᠡᠯ ᠳᠦᠬᠦᠬᠡᠢ ᠢᠳᠡᠬᠡᠨ | ᠢ ᠴᠡᠬᠡᠷᠯᠡᠨ᠎ᠡ᠂ ᠤᠴᠢᠷ ᠨᠢ ᠬᠡᠨᠭᠰᠢᠬᠦᠦ ᠪᠤᠯ ᠪᠡᠶ᠎ᠡ | ᠦᠡᠭᠬᠡᠷᠡᠭᠰᠡᠳ ᠲᠤ ᠢᠳᠡᠬᠦᠯᠬᠦ ᠶᠢᠨ ᠳᠦᠯᠦᠬᠡ | ᠶᠤᠮ ᠬᠡᠳᠡᠭ᠃ | ᠬᠦᠮᠦᠨ ᠤ ᠡᠮᠦᠨ᠎ᠡ ᠠᠴᠠ ᠨᠢᠯᠪᠤᠬᠤ ᠶᠢ | ᠴᠡᠬᠡᠷᠯᠡᠨ᠎ᠡ᠂ ᠪᠤᠶᠠᠨ ᠬᠡᠰᠢᠭ ᠢᠶᠠᠨ ᠪᠠᠷᠠᠯ᠎ᠠ | ᠬᠡᠳᠡᠭ᠃ | ᠳᠡᠷᠬᠡ ᠤᠨᠤᠭ᠎ᠠ ᠪᠠᠨ ᠠᠶᠢᠯ ᠤᠨ ᠰᠠᠩ | ᠬᠡᠶᠢᠮᠤᠷᠢ ᠶᠢᠨ ᠬᠠᠵᠠᠭᠤᠳᠠ ᠵᠤᠬᠰᠤᠭᠠᠬᠤ ᠶᠢ | ᠴᠡᠬᠡᠷᠯᠡᠨ᠎ᠡ᠃ | ᠤᠷᠤᠭ ᠪᠠᠷᠢᠯᠳᠤᠬᠤ ᠠᠴᠠ ᠡᠮᠦᠨ᠎ᠡ | ᠬᠠᠨᠵᠢᠶᠠᠷ ᠡᠮᠦᠰᠬᠦ ᠶᠢ ᠴᠡᠬᠡᠷᠯᠡᠨ᠎ᠡ᠃ ᠬᠠᠨᠵᠢᠶᠠᠷ | ᠪᠤᠯ ᠤᠷᠤᠭ ᠪᠠᠷᠢᠯᠳᠤᠬᠰᠠᠨ ᠤ ᠳᠡᠮᠳᠡᠭ ᠪᠤᠯᠤᠨ᠎ᠠ | ᠃ | ᠪᠠᠷᠰ ᠡᠳᠦᠷ ᠦᠰᠦ ᠠᠪᠤᠪᠠᠯ ︵ᠵᠠᠰᠠᠬᠤ | ︶ ᠠᠳᠡ ᠳᠤᠳᠬᠠᠷ ᠤᠯᠤᠨ᠎ᠠ᠃ | ᠡᠬᠦᠳᠡ ᠪᠠᠷ ᠱᠠᠬᠠᠶᠢᠬᠤ᠂ ᠪᠤᠱᠤᠭ᠎ᠠ | ᠠᠯᠳᠠᠯᠠᠪᠠᠯ ᠯᠤᠤ ᠰᠤᠴᠢᠨ᠎ᠠ ᠬᠡᠳᠡᠭ᠃ | ᠰᠦᠨᠢ ᠶᠠᠪᠤᠵᠤ ᠪᠠᠶᠢᠭᠠᠳ ᠡᠷᠬᠢᠵᠦ | ᠬᠠᠷᠠᠪᠠᠯ ᠮᠦᠷᠦᠨ ᠳᠡᠬᠡᠷᠡᠬᠢ ᠵᠤᠯᠠ ᠨᠢ | ᠤᠨᠳᠠᠷᠠᠨᠠ ᠬᠡᠳᠡᠭ᠃ | ᠮᠤᠳᠤ ᠰᠢᠳᠠᠮ ᠢᠶᠠᠷ ᠭᠠᠵᠠᠷ ᠳᠡᠯᠡᠳᠬᠦ᠂ | ᠴᠤᠬᠢᠬᠤ ᠶᠢ ᠮᠠᠭᠤ ᠢᠷᠸ᠎ᠠ ᠬᠡᠳᠡᠭ᠃ | ᠡᠬᠡᠨᠡᠷ ᠬᠦᠮᠦᠨ ᠭᠠᠯ ᠳᠡᠬᠡᠬᠦᠷ ᠠᠯᠬᠤᠵᠤ | ᠪᠤᠯᠬᠤ ᠦᠭᠡᠢ᠃ | ᠡᠬᠡᠨᠡᠷ ᠬᠦᠮᠦᠨ ᠤᠳᠬᠤᠭᠤᠷ ᠤᠨ | ᠰᠢᠵᠢᠮ ᠪᠠ ᠳᠡᠬᠡᠰᠦ ᠠᠯᠳᠠᠯᠠᠵᠤ ᠪᠠᠶᠢᠪᠠᠯ ᠳᠡᠬᠦᠨ | ᠤ ᠳᠡᠬᠡᠬᠦᠷ ᠠᠯᠬᠤᠵᠤ ᠭᠠᠷᠬᠤ ᠶᠢ ᠴᠡᠬᠡᠷᠯᠡᠨ᠎ᠡ᠃ | ᠨᠤᠬᠠᠢ ᠵᠠᠶᠢᠳᠠᠯᠠᠪᠠᠯ ᠦᠮᠦᠳᠦᠨ ᠠᠯᠠ | ᠤᠷᠠᠬᠳᠠᠨᠠ ᠬᠡᠵᠦ ᠴᠡᠬᠡᠷᠯᠡᠳᠡᠭ᠃ | ᠤᠬᠤᠨ᠎ᠠ ᠤᠨᠤᠪᠠᠯ ᠡᠪᠦᠳᠦᠭ ᠳᠤᠨᠢ ᠶᠠᠷ᠎ᠠ | ᠭᠠᠷᠤᠨ᠎ᠠ ᠬᠡᠳᠡᠭ᠃ | ᠬᠤᠴᠠ ᠤᠨᠤᠪᠠᠯ ᠬᠤᠳᠠᠨ ᠳᠤ ᠴᠢᠨ᠋ᠸ᠎ᠠ | ᠢᠷᠡᠨ᠎ᠡ ᠬᠡᠳᠡᠭ᠃ | | | | |