| | | ᠮᠤᠩᠭᠤᠯᠴᠤᠳ ᠠᠯᠢ ᠡᠷᠳᠡᠨ ᠠᠴᠠ | ᠠᠪᠤᠭᠠᠳ ᠶᠠᠰᠤ ᠶᠢ ᠮᠠᠰᠢᠳᠠ ᠡᠷᠬᠢᠮᠯᠡᠨ | ᠳᠡᠭᠡᠳᠦᠯᠡᠳᠡᠭ᠃ | ᠮᠤᠩᠭᠤᠯᠴᠤᠳ ᠤᠨ ᠶᠠᠰᠤ ᠶᠢ ᠡᠷᠬᠢᠮᠯᠡᠨ | ᠳᠡᠭᠡᠳᠦᠯᠡᠬᠦ ᠵᠠᠩ ᠦᠢᠯᠠ ᠨᠢ ᠡᠷᠳᠡᠨ ᠠᠴᠠ | ᠤᠯᠠᠮᠵᠢᠯᠠᠯ ᠲᠠᠢ ᠮᠦᠷᠳᠡᠭᠡᠨ ᠦᠷᠦᠭᠡᠯ | ᠪᠤᠰᠤᠳ ᠠᠴᠠ ᠢᠯᠭᠠᠭᠳᠠᠬᠤ ᠤᠨᠴᠠᠯᠢᠭ ᠲᠠᠢ | ᠪᠠᠶᠢᠳᠠᠭ᠃ ᠮᠤᠩᠭᠤᠯᠴᠤᠳ ᠮᠠᠯ ᠢᠶᠠᠨ | ᠳᠦᠬᠦᠬᠡᠷᠴᠤ ᠪᠠᠵᠠᠭᠠᠵᠦ ᠮᠢᠬ᠎ᠠ ᠶᠢ ᠨᠢ | ᠢᠳᠡᠴᠢᠭᠡᠭᠡᠳ᠂ ᠶᠠᠰᠤ ᠶᠢ ᠨᠢ ᠶᠠᠷᠦ ᠠᠴᠠ | ᠳᠤᠷ᠎ᠠ ᠪᠠᠷ ᠬᠠᠶᠠᠵᠦ ᠭᠡᠭᠡᠳᠡᠭ ᠦᠭᠡᠢ ᠪᠦᠭᠡᠳ | ᠨᠤᠬᠠᠢ ᠰᠢᠪᠠᠭᠤ ᠳᠤ ᠴᠤ ᠳᠠᠷᠠ ᠪᠤᠯᠭᠠᠨ ᠢ | ᠦᠭᠳᠡᠭ ᠦᠭᠡᠢ᠃ ᠭᠡᠷᠡᠭᠴᠡᠭᠡ ᠵᠠᠷᠤᠯᠭ᠎ᠠ᠂ | ᠦᠢᠯᠠᠳᠦᠯ ᠠᠰᠢᠭᠯᠠᠭ᠎ᠠ ᠶᠢ ᠨᠢ ᠦᠨᠳᠦᠰᠦᠯᠠᠨ | ᠭᠡᠰᠡᠭᠯᠡᠵᠦ ᠪᠦᠯᠦᠭᠯᠡᠨ ᠬᠤᠷᠢᠶᠠᠵᠦ ᠬᠠᠳᠠᠭᠠᠯᠠᠳᠠᠭ | ᠪᠤᠶᠤ ᠳᠠᠮᠠᠢ ᠭᠡᠷᠡᠭᠴᠡᠭᠡ ᠦᠭᠡᠢ ᠶᠢ ᠨᠢ ᠴᠤ | ᠤᠨᠴᠠᠯᠢᠭ ᠰᠢᠨᠵᠢ ᠶᠢ ᠨᠢ ᠦᠵᠠᠨ ︽ᠤᠷᠤᠨ | ᠪᠠᠶᠢᠷᠢ︾ ᠤᠯᠭᠤᠨ ᠳᠣᠭᠢᠯᠢᠭ ᠰᠢᠢᠳᠪᠤᠷᠢᠯᠡᠳᠡᠭ᠃ | ᠭᠡᠭᠡᠷ᠎ᠡ ᠭᠠᠳᠠᠨ᠎ᠠ ᠬᠠᠶᠠᠭᠰᠠᠨ ᠮᠠᠯ ᠤᠨ ᠶᠠᠰᠦ ᠶᠢ | ᠴᠤ ᠳᠤᠷ᠎ᠠ ᠪᠠᠷ ᠢᠶᠠᠨ ᠬᠢᠰᠬᠢᠴᠠᠵᠦ ᠢᠰᠬᠦᠴᠢᠵᠦ | ᠭᠡᠮᠭᠡᠴᠠᠵᠦ ᠪᠠᠯᠪᠠᠴᠢᠳᠠᠭ ᠦᠭᠡᠢ᠃ ᠮᠠᠯ ᠤᠨ | ᠶᠠᠰᠤ ᠶᠢ ᠳᠤᠷ᠎ᠠ ᠪᠠᠷ ᠨᠢ ᠬᠠᠶᠠᠵᠦ ᠭᠡᠭᠡᠭᠦ ᠪᠤᠶᠤ | ᠭᠡᠮᠭᠡᠴᠠᠵᠦ ᠪᠠᠯᠪᠠᠴᠢᠪᠠᠯ ︽ᠮᠠᠯ ᠤᠨ ᠭᠡᠰᠢᠭ ︵ | ᠵᠠᠶᠠᠭ᠎ᠠ︶ ᠪᠠᠭᠤᠷᠠᠨ᠎ᠠ᠂ ᠮᠠᠯ ᠦᠰᠬᠦ ᠦᠭᠡᠢ | ᠦᠷᠠᠵᠢᠬᠦ ᠦᠭᠡᠢ ᠪᠤᠯᠤᠨ᠎ᠠ︾ ᠭᠡᠵᠦ ᠴᠤ | ᠭᠡᠯᠡᠳᠡᠭ᠃ ᠮᠤᠩᠭᠤᠯᠴᠤᠳ ᠶᠠᠰᠦ ᠶᠢ | ᠬᠠᠮᠤᠭ ᠤᠨ ᠬᠠᠳᠠᠭᠤ᠂ ᠴᠢᠨᠠᠷᠯᠢᠭ ᠶᠠᠭᠤᠮ᠎ᠠ ᠪᠠᠷ | ᠦᠵᠡᠳᠡᠭ᠃ ᠠᠯᠢᠪᠠ ᠶᠠᠭᠤᠮᠠᠨ ᠤ ᠴᠢᠨᠠᠷ᠂ | ᠦᠨ᠎ᠠ ᠦᠷᠳᠡᠭ ᠢ ᠶᠠᠰᠤ ᠪᠠᠷ ᠵᠢᠱᠢᠶᠠᠯᠠᠵᠦ | ᠦᠨᠠᠯᠠᠳᠡᠭ᠃ ᠬᠦᠮᠦᠨ ᠤ ᠰᠠᠶᠢᠨ ᠮᠠᠭᠤ ︵ | ᠬᠦᠮᠦᠨ ᠴᠢᠨᠠᠷ︶ ᠶᠢ ᠨᠢ ᠰᠢᠨᠵᠢᠬᠦ ᠳᠤ ︽ | ᠶᠠᠰᠦ ᠶᠢ ᠨᠢ ᠦᠵᠠᠵᠦ ᠶᠠᠩᠵᠦ ᠶᠢ ᠨᠢ ᠳᠠᠨᠢ︾ | ᠭᠡᠳᠡᠭ ᠪᠤᠶᠤ ᠡᠷ᠎ᠡ ᠵᠤᠷᠢᠭ ᠲᠠᠢ᠂ ᠡᠷᠠᠮᠡᠭᠡᠢ | ᠳᠤᠷᠪᠢᠯᠢᠭ ᠬᠦᠮᠦᠨ ᠢ ᠪᠤᠯ ︽ᠶᠠᠰᠤ ᠬᠠᠳᠠᠭᠤ | ᠬᠦᠮᠦᠨ︾ ᠭᠡᠵᠦ᠂ ᠵᠤᠷᠢᠭ ᠰᠦᠰᠦ ᠦᠭᠡᠢ᠂ | ᠬᠦᠮᠦᠨ ᠴᠢᠨᠠᠷ ᠪᠠᠷᠤᠭᠳᠠᠢ ᠬᠦᠮᠦᠨ ᠢ ᠪᠤᠯ ︽ | ᠶᠠᠰᠦ ᠮᠠᠭᠤᠳᠤ ᠶᠠᠪᠤᠨ ᠬᠠᠳᠠᠨ᠎ᠠ︾ ᠭᠡᠳᠡᠭ᠃ | ᠡᠳ᠋ ᠳᠠᠸᠠᠷ᠂ ᠪᠤᠳᠠᠰ ᠤᠨ ᠰᠠᠶᠢᠨ ᠮᠠᠭᠤ ᠶᠢ | ᠳᠤᠳᠤᠯᠠᠬᠤ ᠳᠤ ︽ᠶᠠᠰᠦ ᠴᠢᠨᠠᠷ ᠢ ᠨᠢ ᠦᠵᠠ︾ | ᠭᠡᠳᠡᠭ᠃ ᠮᠠᠯ ᠳᠤ ᠬᠦᠢᠴᠠᠳ ᠳᠠᠷᠭᠤ | ᠠᠪᠤᠭᠤᠯᠬᠤ ᠶᠢ ᠪᠤᠯ ︽ᠶᠠᠰᠤᠨ ᠳᠠᠷᠭᠤ | ᠠᠪᠤᠭᠤᠯᠬᠤ︾ ᠭᠡᠵᠦ ︽ᠮᠢᠬᠠᠨ ᠤ ᠬᠠᠭᠠᠨ | ᠨᠢᠳᠦ᠂ ᠶᠠᠰᠤᠨ ᠤ ᠬᠠᠭᠠᠨ ᠰᠢᠳᠦ︾ ᠭᠡᠮᠡᠨ | ᠦᠵᠠᠵᠦ ᠮᠠᠯ ᠤᠨ ᠶᠠᠰᠤ ᠴᠢᠨᠠᠷ᠂ ᠨᠠᠰᠤ ᠵᠢᠯ ᠢ | ᠳᠤᠳᠤᠯᠠᠬᠤ ᠳᠤ᠂ ᠰᠢᠳᠦ ᠶᠢ ᠨᠢ ᠰᠢᠨᠵᠢᠵᠦ | ᠳᠤᠳᠤᠯᠠᠳᠠᠭ᠃ ᠰᠢᠳᠦ ᠪᠠᠷ ᠨᠢ ᠭᠡᠳᠦᠨ | ᠨᠠᠰᠤ ᠲᠠᠢ ᠮᠠᠯ ᠪᠤᠶᠤ ᠬᠢᠷᠢ ᠵᠡᠷᠭᠡ ᠶᠢᠨ ᠴᠢᠨᠠᠷ | ᠶᠠᠰᠤ ᠲᠠᠢ ᠮᠠᠯ ᠭᠡᠰᠡᠨ ᠢ ᠨᠢ ᠭᠡᠯᠡᠵᠦ ᠭᠠᠷᠭᠠᠳᠠᠭ᠃ | ᠤᠩᠭᠠᠰᠤ ᠨᠤᠤᠰᠤ ᠡᠯᠳᠠᠵᠦ ᠢᠰᠡᠭᠡᠢ | ᠬᠢᠬᠦ ᠳᠤ ᠪᠠᠨ ︽ᠶᠠᠰᠦ ᠠᠴᠠ ᠬᠠᠳᠠᠭᠤ᠂ | ᠴᠠᠰᠤᠨ ᠠᠴᠠ ᠴᠠᠭᠠᠨ ᠪᠤᠯᠳᠤᠭᠠᠢ︾ ᠭᠡᠮᠡᠨ | ᠢᠷᠦᠭᠡᠵᠦ᠂ ᠶᠠᠮᠠᠷ ᠨᠢᠭᠡᠨ ᠶᠠᠪᠤᠳᠠᠯ ᠤᠴᠢᠷ ᠢ | ᠪᠦᠳᠦᠭᠡᠭᠦ ᠳᠤ ︽ᠶᠠᠰᠦ ᠶᠢ ᠨᠢ ᠪᠠᠷᠢᠵᠦ | ᠶᠤᠰᠤ ᠶᠢ ᠨᠢ ᠳᠠᠭᠠᠬᠤ︾᠂ ︽ᠶᠠᠰᠤᠨ ᠳᠤ ᠨᠢ | ᠮᠦᠷᠬᠦᠵᠦ ᠶᠤᠰᠤᠨ ᠳᠤ ᠨᠢ ᠶᠤᠤᠯᠠᠬᠤ︾᠂ ︽ | ᠶᠠᠰᠤᠨ ᠳᠤ ᠵᠠᠪᠰᠠᠷ ᠦᠭᠡᠢ᠂ ᠶᠠᠪᠤᠳᠠᠯ ᠳᠤ | ᠶᠠᠭᠠᠷᠠᠯ ᠦᠭᠡᠢ︾ ᠭᠡᠭᠦ ᠮᠠᠳᠤᠴᠢᠯᠠᠨ ᠵᠦᠢᠷᠯᠠᠵᠦ | ᠳᠦᠷᠰᠦᠯᠠᠵᠦ ᠵᠤᠷᠢᠵᠦ ᠵᠢᠳᠬᠦᠵᠦ ᠪᠦᠳᠦᠭᠡᠵᠦ | ᠬᠦᠢᠴᠠᠳᠭᠡᠳᠡᠭ᠃ ᠪᠠᠰᠠ ᠡᠴᠢᠭᠡ ᠶᠢᠨ | ᠳᠠᠯ᠎ᠠ ᠶᠢᠨ ᠶᠢᠰᠤᠨ ᠦᠶ᠎ᠠ ︵ᠳᠡᠬᠡᠭᠰᠢ ᠶᠢᠰᠤᠨ | ᠦᠶ᠎ᠠ︶ ᠶᠢ ᠪᠤᠯ ᠶᠠᠰᠤᠨ ᠳᠦᠷᠦᠯ ᠭᠡᠮᠡᠨ | ᠳᠤᠭᠠᠯᠠᠵᠦ᠂ ᠳᠠᠷᠠ ᠦᠶ᠎ᠠ ︵ᠳᠡᠭᠡᠭᠰᠢ ᠶᠢᠰᠦᠨ | ᠦᠶ᠎ᠠ︶ ᠦᠩᠭᠡᠷᠡᠭᠦ ᠳᠤ ᠰᠠᠶ᠋ᠢ ︽ᠶᠠᠰᠤ | ᠴᠠᠶᠢᠷᠠᠯᠠ᠂ ᠦᠶ᠎ᠠ ᠰᠤᠨᠤᠯ᠎ᠠ᠂ ᠦᠶ᠎ᠠ | ᠮᠤᠯᠳᠤᠷᠤᠯᠠ ︵ᠰᠠᠳᠤᠨ ᠳᠦᠷᠦᠯ ᠤᠨ | ᠬᠠᠷᠢᠴᠠᠭ᠎ᠠ ᠭᠡᠯᠬᠢᠶ᠎ᠡ ᠬᠤᠯᠠᠳᠤᠯ᠎ᠠ ᠭᠡᠰᠡᠨ ᠦᠭᠡ︶ | ︾ ᠭᠡᠵᠦ ᠭᠡᠯᠡᠳᠡᠭ᠃ ᠶᠠᠰᠤ ᠨᠢ | ᠮᠤᠩᠭᠤᠯᠴᠤᠳ ᠤᠨ ᠠᠮᠢᠳᠤᠷᠠᠯ ᠤᠨᠳᠤᠷᠤᠯᠭ᠎ᠠ᠂ | ᠨᠠᠭᠦᠳᠡᠯ ᠪᠠᠭᠤᠳᠠᠯ᠂ ᠡᠳ᠋ᠯᠠᠯ ᠭᠡᠷᠡᠭᠰᠡᠯ᠂ ᠵᠠᠰᠠᠯ | ᠵᠢᠮᠰᠡᠭ᠂ ᠰᠤᠶᠤᠯ ᠢᠷᠭᠡᠨᠰᠢᠯ᠂ ᠵᠠᠩ ᠦᠢᠯᠠ | ᠵᠡᠷᠭᠡ ᠲᠠᠢ ᠰᠠᠯᠤᠰᠢ ᠦᠭᠡᠢ ᠬᠤᠯᠪᠤᠭ᠎ᠠ ᠲᠠᠢ | ᠪᠠᠶᠢᠳᠠᠭ᠃ ᠶᠠᠰᠤ ᠶᠢ ᠡᠳ᠋ᠯᠡᠯ ᠭᠡᠷᠡᠭᠰᠡᠯ ᠳᠤ | ᠭᠡᠷᠡᠭᠯᠡᠳᠡᠭ᠃ ᠬᠤᠨᠢ᠂ ᠢᠮᠠᠭ᠎ᠠ᠂ ᠦᠭᠡᠷ ᠤᠨ | ᠡᠪᠡᠷ ᠤᠨ ᠳᠤᠬᠤ ᠪᠤᠶᠤ ᠳᠠᠭᠠᠷᠢᠳᠠᠰᠤ ᠪᠠᠷ | ᠮᠤᠷᠢᠨ ᠤ ᠴᠢᠳᠦᠷ᠂ ᠨᠤᠭᠳᠤ᠂ ᠬᠠᠵᠠᠭᠠᠷ ᠬᠢᠬᠦ | ᠪᠤᠶᠤ ᠦᠭᠡᠷ ᠤᠨ ᠡᠪᠡᠷ ᠢᠶᠠᠷ ᠤᠭᠵᠢ᠂ ᠡᠪᠠᠷ | ᠬᠤᠨᠳᠠᠭ᠎ᠠ ᠬᠢᠳᠡᠭ᠃ ᠮᠠᠯ ᠤᠨ ᠡᠪᠡᠷ | ᠳᠤᠯᠤᠭᠠᠢ ᠶᠢᠨ ᠶᠠᠰᠦ᠂ ᠳᠠᠯᠤᠨ ᠤ ᠶᠠᠰᠤ | ᠵᠡᠷᠭᠡ ᠶᠢ ᠵᠠᠰᠠᠵᠦ ᠭᠤᠶᠤᠯᠠᠭᠠᠳ ᠭᠤᠶᠤᠯᠠᠯ | ᠵᠠᠰᠠᠯ ᠤᠨ ᠵᠦᠢᠯᠠᠰ ᠪᠤᠯᠭᠠᠨ ᠭᠡᠷ ᠲᠤ ᠪᠠᠨ | ᠡᠯᠬᠦᠳᠡᠭ᠃ ᠳᠤᠭᠯᠠᠭᠠᠮ ᠳᠤ ᠪᠠᠰᠠ ᠭᠡᠷᠡᠭᠯᠡᠳᠡᠭ᠃ | ᠬᠤᠨᠢ ᠢᠮᠠᠭᠠᠨ ᠤ ᠱᠠᠭ᠎ᠠ ᠶᠢ ᠴᠤᠭᠯᠠᠭᠤᠯᠵᠦ | ᠱᠠᠭᠠᠴᠠᠬᠤ᠂ ᠨᠢᠰᠡᠯᠴᠠᠭᠠᠬᠤ᠂ ᠰᠠᠶ᠋ᠢᠩ ᠤᠷᠬᠢᠬᠤ | ᠂ ᠬᠠᠷᠪᠤᠬᠤ᠂ ︵ᠪᠤᠭᠤ ᠶᠢᠨ ᠵᠢᠷᠬᠢᠭᠡ ᠳᠠᠯᠪᠢᠬᠤ︶ | ᠭᠡᠷ ᠪᠠᠷᠢᠬᠤ᠂ ᠳᠡᠷᠭᠡ ᠨᠠᠶᠢᠷᠠᠬᠤ᠂ ᠪᠠᠷᠢᠯᠴᠠᠭ᠎ᠠ | ᠪᠠᠷᠢᠬᠤ ︵ᠳᠤᠭ᠎ᠠ ᠳᠠᠭᠠᠬᠤ︶ ᠮᠤᠷᠢ | ᠤᠷᠤᠯᠳᠤᠬᠤ ᠮᠠᠳᠤ ᠨᠠᠭᠠᠳᠤᠮ ᠨᠠᠭᠠᠳᠳᠠᠭ᠃ | ᠮᠠᠯ ᠤᠨ ᠰᠠᠭᠡᠷ ︵ᠭᠤᠤᠯ ᠤᠨ ᠦᠨᠳᠦᠷ︶ ᠪᠤᠶᠤ | ᠪᠤᠭᠳᠤᠭᠠᠰᠤ᠂ ᠱᠠᠭᠠᠨᠳᠤ ᠴᠦᠮᠦᠭᠡ ᠶᠢ | ᠰᠢᠭᠠᠯᠭᠠᠵᠦ ᠵᠠᠯᠠᠭᠤ ᠢᠳᠠᠷᠴᠤᠤᠯ ᠤᠨ ᠭᠠᠷ ᠤᠨ | ᠬᠦᠴᠦ ᠪᠤᠯᠤᠨ ᠡᠪ ᠳᠠᠮ ᠢ ᠰᠢᠯᠭᠠᠨ ᠦᠵᠠᠳᠡᠭ᠃ | ᠪᠠᠰᠠ ᠰᠢᠨ᠎ᠠ ᠭᠦᠷᠭᠡᠨ ᠢᠶᠠᠷ ᠬᠦᠵᠦᠬᠦᠦ | ᠮᠤᠰᠬᠢᠭᠤᠯᠵᠦ ᠬᠢᠷᠢ ᠵᠡᠷᠭᠡ ᠴᠢᠳᠠᠯ | ᠳᠠᠷ ᠲᠠᠢ ᠶᠢ ᠨᠢ ᠰᠢᠯᠭᠠᠨ ᠦᠵᠠᠳᠡᠭ᠃ ᠶᠠᠰᠤ ᠶᠢ | ᠡᠮᠴᠢᠯᠡᠭᠡ ᠰᠤᠪᠢᠯᠠᠭ᠎ᠠ ᠳᠤ ᠭᠡᠷᠡᠭᠯᠡᠳᠡᠭ᠃ ᠳᠠᠮᠢᠷ | ᠳᠡᠩᠭᠡᠭᠡ ᠠᠨᠠᠢ ᠬᠦᠮᠦᠨ ᠪᠤᠶᠤ ᠡᠪᠡᠳᠴᠢᠨ | ᠬᠠᠭᠤᠴᠢᠨ ᠲᠠᠢ ᠬᠦᠮᠦᠨ ᠮᠢᠬ᠎ᠠ ᠶᠢ ᠨᠢ ᠰᠠᠶᠢᠳᠦᠷ | ᠮᠦᠯᠵᠢᠭᠰᠡᠨ ᠶᠠᠰᠤ ᠶᠢ ᠰᠠᠶᠢᠳᠦᠷ ᠪᠤᠴᠠᠯᠭᠠᠵᠦ | ᠱᠦᠯᠦ ᠶᠢ ᠨᠢ ᠤᠤᠭᠤᠪᠠᠯ ᠳᠠᠮᠢᠷ ᠳᠡᠩᠭᠡᠭᠡ | ᠤᠷᠤᠬᠤ ᠪᠤᠶᠤ ᠡᠷᠡᠭᠦᠯᠵᠢᠬᠦ ᠳᠤ ᠳᠤᠰᠠᠳᠠᠢ ᠭᠡᠵᠦ | ᠶᠠᠰᠤᠨ ᠱᠦᠯᠦ ᠪᠤᠴᠠᠯᠭᠠᠵᠦ ᠤᠤᠭᠤᠯᠭᠠᠳᠠᠭ᠃ | ᠰᠢᠳᠦᠯᠠᠵᠦ ᠬᠦᠢᠴᠡᠭᠰᠡᠨ ᠬᠡᠤᠬᠡᠳ ᠤᠨ ᠰᠢᠳᠦ ᠶᠢ | ᠰᠠᠭᠤᠯᠭᠠᠨ᠎ᠠ᠂ ᠪᠤᠯᠪᠠᠰᠤᠷᠠᠭᠤᠯᠤᠨ᠎ᠠ᠂ | ᠴᠢᠩᠭᠠᠷᠠᠭᠤᠯᠤᠨ᠎ᠠ ᠭᠡᠵᠦ ᠳᠤᠶᠢᠭ ᠪᠤᠶᠤ | ᠪᠤᠷᠪᠢ ᠶᠢᠨ ᠶᠠᠰᠤ ᠶᠢ ᠮᠦᠯᠵᠢᠭᠦᠯᠳᠡᠭ᠃ | ᠬᠠᠪᠤᠷ ᠤᠨ ᠭᠠᠴᠢᠭ ᠴᠠᠭ ᠲᠤ ᠶᠠᠳᠠᠷᠠᠵᠦ | ᠳᠦᠢᠯᠳᠠᠭᠰᠠᠨ ᠮᠠᠯ ᠳᠤ ᠳᠠᠮᠢᠷ ᠬᠦᠴᠦ ᠶᠢ ᠨᠢ | ᠰᠠᠯᠬᠦᠨᠠ ᠭᠡᠵᠦ ᠶᠠᠰᠤᠨ ᠱᠦᠯᠦ ᠴᠢᠳᠬᠤᠳᠠᠭ | ᠪᠦᠭᠡᠳ ᠶᠠᠰᠤ ᠶᠢ ᠰᠢᠳᠠᠭᠠᠨ ᠦᠨᠦᠷᠯᠡᠭᠦᠯᠳᠡᠭ᠃ | ᠵᠠᠷᠢᠮ ᠳᠤ ᠪᠠᠨ ᠶᠠᠰᠤ ᠶᠢ ᠭᠡᠮᠭᠡᠴᠠᠨ | ᠭᠡᠮᠭᠡᠳᠡᠭ ᠢ ᠨᠢ ᠢᠳᠡᠭᠦᠯᠳᠡᠭ᠃ ᠶᠠᠰᠤ ᠶᠢ ᠳᠤᠮ | ᠰᠢᠪᠰᠢᠯᠭᠡ ᠳᠤ ᠭᠡᠷᠡᠭᠯᠡᠳᠡᠭ᠃ ᠠᠯᠢᠪᠠ | ᠠᠮᠢᠳᠠᠨ ᠤ ᠠᠮᠢᠨ ᠰᠦᠨᠠᠰᠦ ᠨᠢ ᠠᠮᠠᠨ | ᠬᠦᠵᠦᠬᠦᠦ ᠳᠤ ᠪᠠᠨ ᠪᠠᠶᠢᠳᠠᠭ ᠭᠡᠮᠡᠨ ᠦᠵᠠᠵᠦ᠂ | ᠠᠮᠠᠨ ᠬᠦᠵᠦᠬᠦᠦ ᠶᠢ ᠴᠢᠨᠠᠵᠦ ᠢᠳᠠᠴᠢᠭᠡᠭᠡᠳ | ᠦᠭᠡᠭᠦ ᠳᠤᠰᠤ ᠪᠠᠷ ᠴᠢᠮᠠᠨ ᠭᠠᠯ ᠳᠤ ᠪᠠᠨ ᠡᠷᠬᠦᠨ | ᠰᠢᠳᠠᠭᠠᠵᠦ ᠦᠨᠠᠰᠦ ᠶᠢ ᠨᠢ ᠴᠠᠪᠠᠷ ᠰᠠᠶᠢᠬᠠᠨ | ᠵᠦᠭ ︵ᠭᠠᠵᠠᠷ︶ ᠲᠤ ᠰᠠᠴᠤᠳᠠᠭ᠃ ᠶᠠᠰᠤ ᠶᠢ | ᠳᠠᠯᠠᠯᠭ᠎ᠠ ᠳᠠᠬᠢᠯᠭ᠎ᠠ ᠳᠤ ᠭᠡᠷᠡᠭᠯᠡᠳᠡᠭ᠃ | ᠭᠤᠤᠯ ᠨᠢ ᠠᠳᠤᠭᠤ᠂ ᠬᠤᠨᠢ᠂ ᠦᠭᠡᠷ ᠤᠨ | ᠳᠤᠯᠤᠭᠠᠢ ᠶᠢᠨ ᠶᠠᠰᠤ ᠪᠤᠶᠤ ᠪᠤᠭ ᠮᠠᠯ ᠤᠨ | ᠱᠠᠭᠠᠨᠳᠤ ᠶᠢ ᠰᠢᠳᠦᠵᠦ ᠳᠠᠬᠢᠳᠠᠭ᠃ | ᠮᠤᠩᠭᠤᠯᠴᠤᠳ ᠤᠨᠤᠵᠦ ᠪᠠᠶᠢᠭ᠎ᠠ ᠮᠤᠷᠢ ᠨᠢ | ᠨᠠᠰᠤ ᠦᠳᠠᠯᠵᠦ ᠦᠬᠦᠪᠠᠯ ︽ᠰᠠᠶᠢᠨ ᠮᠤᠷᠢ ᠶᠢᠨ | ᠵᠠᠶᠠᠭ᠎ᠠ ᠪᠤᠤ ᠳᠠᠰᠤᠷᠠᠭ︾ ᠭᠡᠮᠡᠨ ᠳᠤᠯᠤᠭᠠᠢ ᠶᠢᠨ | ᠶᠠᠰᠤ ᠶᠢ ᠨᠢ ᠬᠠᠳᠠᠭ ᠢᠶᠠᠷ ᠤᠷᠢᠶᠠᠵᠦ | ᠬᠠᠳᠠᠭᠠᠯᠠᠬᠤ ᠪᠤᠶᠤ ᠬᠤᠮᠤᠯ ᠪᠤᠯᠤᠨ ᠦᠭᠡᠭᠦᠨ | ᠴᠢᠯᠠᠭᠤ ᠪᠠᠷ ᠢᠶᠠᠨ ᠴᠢᠮᠠᠵᠦ ︽ᠡᠨᠡ ᠰᠠᠶᠢᠨ | ᠮᠤᠷᠢᠨ ᠳᠤ ᠮᠢᠨᠢ ᠦᠯᠵᠠᠢ ᠬᠤᠳᠤᠭ ᠦᠨᠢᠳᠠ | ᠤᠷᠤᠰᠢᠬᠤ ᠪᠤᠯᠳᠤᠭᠠᠢ︾ ᠭᠡᠮᠡᠨ ᠢᠷᠦᠭᠡᠨ | ᠠᠳᠢᠰᠯᠠᠭᠠᠳ ᠦᠨᠳᠦᠷ ᠠᠭᠤᠯᠠ ᠶᠢᠨ ᠤᠷᠤᠢ ᠳᠤ | ᠠᠪᠠᠴᠢᠵᠦ ᠤᠷᠤᠩᠨᠠᠭᠤᠯᠵᠦ ᠳᠠᠯᠪᠢᠳᠠᠭ᠃ | | | | ᠶᠠᠰᠤ ᠶᠢ ᠮᠡᠷᠭᠡ ᠳᠦᠯᠭᠡ ᠳᠤ ᠭᠡᠷᠡᠭᠯᠡᠳᠡᠭ | ᠃ ᠮᠠᠯ ᠤᠨ ᠳᠠᠯᠤ ᠪᠤᠶᠤ ᠱᠠᠭᠠᠨᠳᠤ ᠪᠠᠷ ᠮᠡᠷᠭᠡ | ᠳᠦᠯᠭᠡ ᠦᠵᠡᠳᠡᠭ᠃ ᠱᠠᠭᠠᠨᠳᠤ ᠠᠴᠠ | ᠱᠠᠭ᠎ᠠ ᠶᠢ ᠨᠢ ᠰᠠᠯᠭᠠᠵᠦ ᠠᠪᠤᠭᠠᠳ ᠭᠤᠷᠪᠠ | ᠤᠳᠠᠭ᠎ᠠ ᠤᠷᠬᠢᠵᠦ ︽ᠮᠤᠷᠢ︾ ᠳᠤᠰᠬᠠᠵᠦ | ᠦᠪᠠᠷ ᠤᠨ ᠪᠠᠶ᠎ᠠ ᠪᠤᠶᠤ ᠭᠡᠨ ᠨᠢᠭᠡᠨ ᠤ ᠪᠠᠨ | ᠠᠵᠠ ᠲᠠᠢ ᠭᠡᠶᠢᠮᠤᠷᠢ ᠲᠠᠢ ᠶᠠᠪᠤᠵᠦ ᠪᠠᠶᠢᠬᠤ | ᠡᠰᠠᠬᠦ ᠶᠢ ᠰᠢᠨᠵᠢᠳᠡᠭ᠃ ᠱᠠᠭ᠎ᠠ ᠶᠢ ᠭᠤᠷᠪᠠ | ᠤᠳᠠᠭ᠎ᠠ ᠤᠷᠬᠢᠭᠠᠳ ︽ᠮᠤᠷᠢ︾ ᠪᠠᠭᠤᠪᠠᠯ ᠡᠨᠡ | ᠬᠦᠮᠦᠨ ᠢ ︽ᠶᠡᠭᠡᠳᠡ ᠠᠵᠠ ᠲᠠᠢ ᠬᠡᠶᠢᠮᠤᠷᠢ ᠲᠠᠢ | ᠬᠦᠮᠦᠨ᠂ ᠡᠬᠦᠨ ᠠᠴᠠ ᠬᠤᠶᠢᠰᠢ ᠠᠵᠠ ᠲᠠᠢ | ᠭᠡᠶᠢᠮᠤᠷᠢ ᠲᠠᠢ ᠶᠠᠪᠤᠨ᠎ᠠ︾ ᠭᠡᠵᠦ ᠪᠡᠯᠭᠡᠰᠢᠶᠠᠨ | ᠳᠠᠭᠠᠰᠢᠶᠠᠳᠠᠭ᠃ ᠤᠯᠠᠩᠬᠢ ᠮᠤᠩᠭᠤᠯ ᠭᠠᠵᠠᠷ | ᠬᠤᠨᠢᠨ ᠤ ᠳᠠᠯᠤᠨ ᠶᠠᠰᠤ ᠶᠢ ᠰᠢᠨᠵᠢᠪᠠᠯ ᠡᠵᠡᠨ | ᠬᠦᠮᠦᠨ ᠤ ᠭᠡᠶᠢᠮᠤᠷᠢ ᠰᠦᠯᠳᠠ᠂ ᠡᠳ᠋ ᠬᠦᠷᠦᠩᠭᠡ | ᠂ ᠠᠭᠠᠯᠢ ᠵᠠᠩ᠂ ᠠᠳᠤᠭᠤ ᠮᠠᠯ᠂ ᠠᠯᠢᠪᠠ ᠦᠢᠯᠠ | ᠭᠡᠷᠡᠭ ᠢ ᠪᠦᠷᠢᠨ ᠮᠠᠳᠠᠵᠦ ᠪᠤᠯᠤᠨ᠎ᠠ ᠭᠡᠮᠡᠨ | ᠳᠠᠯᠤᠨ ᠶᠠᠰᠤ ᠶᠢ ᠮᠠᠷᠭᠡ ᠳᠦᠯᠭᠡ ᠳᠤ ᠤᠯᠠᠨ | ᠭᠡᠷᠡᠭᠯᠠᠳᠡᠭ᠃ ᠶᠠᠰᠤ ᠶᠢ ᠵᠠᠩ ᠠᠭᠠᠯᠢ ᠳᠤ | ᠭᠡᠷᠡᠭᠯᠠᠳᠡᠭ᠃ ᠰᠢᠨ᠎ᠠ ᠭᠡᠷ ᠪᠠᠷᠢᠬᠤ᠂ ᠨᠠᠰᠦ | ᠨᠠᠮᠠᠬᠦ᠂ ᠬᠡᠤᠬᠡᠳ ᠳᠦᠷᠦᠬᠦ᠂ ᠬᠦᠮᠦᠨ ᠨᠠᠰᠤ | ᠪᠠᠷᠠᠬᠤ ᠵᠡᠷᠭᠡ ᠳᠤ ᠴᠦᠮ ᠱᠠᠭᠠᠨᠳᠤ ᠴᠢᠮᠦᠭᠡ ᠶᠢᠨ | ᠶᠠᠰᠤ ᠶᠢ ᠭᠡᠷᠡᠭᠯᠡᠳᠡᠭ᠃ ᠡᠩᠭᠦᠷᠡᠢ ᠨᠢᠷᠠᠢ | ᠬᠡᠤᠬᠡᠳ ᠲᠤ ᠡᠪᠡᠳᠴᠢᠨ ᠡᠮᠭᠡᠭ ᠪᠢᠳᠡᠭᠡᠢ | ᠳᠤᠰᠤᠭ ᠭᠡᠮᠡᠨ ᠦᠯᠦᠭᠡᠢ ᠶᠢᠨ ᠪᠠᠷᠠᠭᠤᠨ ᠭᠠᠷ | ᠳᠠᠯ᠎ᠠ ᠳᠤ ᠨᠢ ᠱᠠᠭᠠᠨᠳᠤ ᠴᠢᠮᠦᠭᠡ ᠬᠠᠳᠠᠵᠦ | ᠤᠶᠠᠳᠠᠭ ᠵᠠᠩᠰᠢᠯ ᠪᠤᠢ ᠪᠦᠭᠡᠳ ᠰᠠᠶ᠋ᠢ ᠭᠠᠷᠴᠤ | ᠪᠠᠶᠢᠭ᠎ᠠ ᠬᠡᠤᠬᠡᠳ ᠲᠤ ᠱᠠᠭ᠎ᠠ ᠶᠢ ᠨᠦᠭᠡᠯᠡᠨ | ᠤᠭᠤᠰᠤᠷ ᠬᠠᠳᠠᠵᠦ ᠵᠡᠭᠦᠯᠭᠡᠳᠡᠭ ᠵᠠᠩᠰᠢᠯ ᠴᠤ | ᠪᠤᠢ᠃ | | | |