ᠰᠢᠷ᠎ᠠ ᠳᠡᠮᠡᠬᠡᠳᠦ ᠰᠦᠮ᠎ᠡ
ᠨᠡᠶᠢᠲᠡᠯᠡᠭᠰᠡᠨ ᠴᠠᠭ᠄
2018/9/17
     ᠰᠢᠷ᠎ᠠ ᠳᠡᠮᠡᠬᠡᠳᠦ ᠰᠦᠮ᠎ᠡ ᠪᠤᠯ ᠤᠳᠤ ᠶᠢᠨ ᠬᠠᠨᠭ᠍ᠬᠢᠨ ᠬᠤᠰᠢᠭᠤᠨ ᠤ ᠪᠠᠶ᠋ᠬᠠᠤᠰᠤ ᠪᠠᠯᠭᠠᠰᠤᠨ ᠤ ᠪᠤᠷᠤ ᠬᠤᠰᠢᠭᠤ ᠭᠠᠴᠠᠭᠠᠨ ᠤ ᠬᠦᠷᠡᠩ ᠳᠤᠯᠤᠭᠠᠢ ᠬᠡᠳᠡᠭ ᠭᠠᠵᠠᠷ ᠲᠤ ᠪᠤᠢ᠃ ᠴᠢᠩ ᠤᠯᠤᠰ ᠤᠨ ᠪᠦᠷᠢᠨᠳᠦ ᠵᠠᠰᠠᠭᠴᠢ ᠶᠢᠨ ᠳᠡᠷᠢᠬᠦᠨ ᠤᠨ᠂ ᠬᠠᠷ᠎ᠠ ᠨᠤᠬᠠᠢ ᠵᠢᠯ ︵ᠨᠡᠶᠢᠳᠡ ᠶᠢᠨ ᠤᠨ ᠳᠤᠭᠠᠯᠠᠯ ᠤᠨ 1862 ᠤᠨ︶  ᠳᠤ ᠬᠠᠨᠭ᠍ᠬᠢᠨ ᠬᠤᠰᠢᠭᠤᠨ ᠤ ᠠᠷᠪᠠᠨ ᠭᠤᠷᠪᠠᠳᠤᠭᠠᠷ ᠵᠠᠰᠠᠭ ᠪᠠᠶᠢᠰᠠ ᠪᠠᠳᠤᠮᠠᠩᠨᠠᠢ ᠶᠢᠨ ᠦᠶ᠎ᠡ ᠳᠤ ᠡᠬᠢᠯᠡᠵᠦ ᠡᠬᠦᠰᠬᠡᠨ ᠪᠠᠶᠢᠭᠤᠯᠤᠭᠰᠠᠨ ᠶᠤᠮ᠃ ᠳᠦᠪᠡᠳ ᠨᠡᠷ᠎ᠡ  ᠨᠢ ᠨᠠᠮᠤᠷᠤᠯᠵᠠᠩᠴᠤᠪᠯᠢᠩ ᠬᠡᠳᠡᠭ᠂ ᠮᠤᠩᠭᠤᠯ ᠢᠶᠠᠷ ᠬᠠᠮᠤᠭ ᠢ ᠬᠡᠳᠦᠯᠬᠡᠭᠴᠢ ᠪᠤᠳᠢ ᠬᠡᠶᠢᠳ ᠬᠡᠳᠡᠭ᠃ ᠰᠤᠭᠴᠢᠨ ᠳᠤᠭᠠᠡᠭ᠂ ᠵᠡᠬᠦᠨ ᠵᠢᠬᠦᠷ ᠤᠨ ᠳᠤᠭᠠᠡᠭ ᠳᠤᠭᠰᠢᠳ ᠤᠨ ᠰᠦᠮ᠎ᠡ᠂ ᠪᠠᠷᠠᠭᠤᠨ ᠵᠢᠬᠦᠷ ᠤᠨ ᠳᠤᠭᠠᠡᠭ᠂ ᠭᠠᠨᠵᠤᠤᠷ ᠤᠨ ᠰᠦᠮ᠎ᠡ᠂ ᠡᠬᠦᠳᠡᠨ ᠳᠤᠭᠠᠡᠭ᠂ ᠮᠠᠬᠠᠷᠠᠠᠽᠠ ᠶᠢᠨ ᠰᠦᠮ᠎ᠡ᠂ ᠪᠤᠳᠢ ᠴᠠᠭᠠᠨ ᠰᠤᠪᠤᠷᠭ᠎ᠠ ᠂ ᠵᠡᠬᠦᠨ ᠪᠠᠷᠠᠭᠤᠨ ᠬᠤᠶᠠᠷ ᠰᠢᠷᠡᠬᠡᠨ ᠯᠠᠮᠠ ᠶᠢᠨ ᠱᠠᠩ ᠵᠡᠷᠬᠡ ᠰᠦᠮ᠎ᠡ ᠳᠤᠭᠠᠡᠭ ᠪᠠ ᠯᠠᠮᠠ ᠶᠢᠨ ᠤᠷᠤᠨ ᠰᠠᠭᠤᠴᠠ ᠵᠡᠷᠬᠡ ᠵᠠᠭᠤ ᠭᠠᠷᠤᠢ ᠳᠠᠰᠤᠯᠭ᠎ᠠ ᠪᠠᠷᠢᠯᠭ᠎ᠠ ᠲᠠᠢ ᠂ ᠳᠦᠪᠡᠳ ᠬᠢᠳᠡᠳ ᠤᠨ ᠤᠨᠴᠠᠯᠢᠭ ᠪᠦᠬᠦᠢ ᠰᠦᠮ᠎ᠡ ᠬᠡᠶᠢᠳ ᠪᠤᠯᠤᠨ᠎ᠠ᠃ ᠱᠠᠪᠢᠯᠠᠨ ᠰᠠᠭᠤᠭᠰᠠᠨ ᠯᠠᠮᠠ ᠬᠤᠸᠠᠷᠠᠭ ᠨᠢ ᠬᠠᠮᠤᠭ ᠤᠨ ᠤᠯᠠᠨ ᠦᠶ᠎ᠡ ᠳᠡᠭᠡᠨ ᠵᠠᠭᠤ ᠭᠠᠷᠴᠤ᠂ ᠦᠡᠭᠬᠡᠷᠡᠭᠰᠡᠨ ᠪᠠ ᠡᠳᠦᠬᠡ ᠶᠢᠨ ᠳᠦᠷᠦ ᠬᠦᠷᠦᠨ ᠳᠤ ᠳᠡᠬᠡᠳᠦ ᠬᠡᠮᠵᠢᠶ᠎ᠡ ᠪᠠᠷ ᠬᠦᠨᠳᠦᠳᠬᠡᠭᠳᠡᠵᠦ᠂ ᠳᠤᠩ ᠠᠷᠪᠢᠨ ᠳᠡᠦᠬᠡ ᠶᠢᠨ ᠳᠤᠷᠠᠰᠬᠠᠯᠳᠤ ᠵᠦᠢᠯ᠂ ᠤᠷᠠᠯᠢᠭ ᠰᠠᠶᠢᠬᠠᠨ ᠤᠴᠠᠯᠢᠭ ᠪᠦᠬᠦᠢ ᠤᠷᠠᠨ ᠵᠢᠷᠤᠭ᠂ ᠪᠠᠷᠢᠯᠭ᠎ᠠ᠂ ᠰᠠᠶᠢᠯᠤᠮᠠᠯ ᠲᠠᠢ᠂ ᠵᠢᠯ ᠤᠨ ᠳᠦᠷᠪᠡᠨ ᠤᠯᠠᠷᠢᠯ ᠳᠤ ᠮᠦᠷᠬᠦᠯᠴᠢᠨ ᠵᠤᠭᠠᠴᠠᠭᠰᠠᠳ ᠳᠠᠰᠤᠷᠠᠳᠠᠭ ᠦᠭᠡᠢ᠂ ᠳᠦᠷᠪᠡᠨ ᠴᠠᠭ ᠤᠨ ᠶᠡᠭᠡ ᠬᠤᠷᠠᠯ ᠲᠠᠢ᠂ ᠮᠠᠨᠢ᠂ ᠶᠡᠷᠠᠨᠢ ᠶᠢᠨ ᠤᠡᠭᠰᠢᠯᠭ᠎ᠠ ᠲᠠᠢ᠂ ᠬᠤᠯᠠ ᠤᠶᠢᠷ᠎ᠠ ᠶᠢᠨ ᠬᠦᠨᠳᠦᠳᠦ ᠵᠤᠴᠢᠳ ᠦᠷᠬᠦᠯᠵᠢ ᠬᠦᠷᠦᠯᠴᠡᠨ ᠢᠷᠡᠵᠦ ᠳᠤᠩ ᠶᠡᠭᠡ ᠨᠠᠶᠢᠷ ᠬᠦᠭᠵᠢᠶᠡᠨ ᠲᠠᠢ ᠪᠠᠶᠢᠳᠠᠭ᠂ ᠬᠠᠨᠭ᠍ᠬᠢᠨ ᠬᠤᠰᠢᠭᠤᠨ ᠤ ᠵᠠᠰᠠᠭ ᠤᠨ ᠤᠷᠳᠤᠨ ᠢᠶᠠᠷ ᠵᠦᠪᠰᠢᠶᠡᠷᠡᠬᠦᠯᠦᠭᠰᠡᠨ ᠱᠠᠰᠢᠨ ᠰᠤᠷᠳᠠᠬᠤᠨ ᠤ ᠬᠦᠳᠡᠯᠬᠡᠬᠡᠨ ᠤ ᠴᠡᠭ ᠮᠥᠨ᠃
           ᠤᠷᠴᠢᠮ ᠤᠨ ᠵᠠᠭᠤ ᠭᠠᠷᠤᠢ ᠵᠢᠯ ᠤᠨ ᠰᠠᠯᠬᠢ ᠪᠤᠷᠤᠭᠠᠨ᠂ ᠳᠠᠶᠢᠨ ᠳᠠᠵᠢᠨ ᠤ ᠦᠢᠮᠡᠬᠡᠨ᠂ ︽ᠰᠤᠶᠤᠯ ᠤᠨ ᠶᠡᠭᠡ ᠬᠤᠪᠢᠰᠬᠠᠯ︾ ᠤᠨ ᠳᠤᠮᠳᠠ ᠰᠢᠷ᠎ᠠ ᠳᠡᠮᠡᠭᠡᠳᠦ ᠰᠦᠮ᠎ᠡ ᠬᠦᠨᠳᠦ ᠨᠤᠴᠤᠳᠠᠢ ᠡᠪᠳᠡᠯᠡᠭᠳᠡᠵᠦ ᠰᠦᠢᠷᠡᠬᠡᠳ ᠤᠯᠠ ᠮᠦᠷ ᠨᠢ ᠴᠦ ᠳᠠᠰᠤᠷᠠᠬᠤ ᠰᠢᠬᠠᠵᠠᠢ᠃ ᠨᠠᠮ ᠤᠨ ᠠᠷᠪᠠᠨ ᠨᠢᠬᠡᠳᠦᠬᠡᠷ ᠬᠤᠭᠤᠴᠠᠭᠠᠨ ᠤ ᠭᠤᠷᠪᠠᠳᠤᠭᠠᠷ ᠪᠦᠬᠦᠳᠡ ᠬᠤᠷᠠᠯᠳᠤᠭᠠᠨ ᠠᠴᠠ ᠨᠠᠭᠠᠰᠢ᠂ ᠱᠠᠰᠢᠨ ᠰᠤᠷᠳᠠᠬᠤᠨ ᠤ ᠳᠤᠬᠠᠢ ᠨᠠᠮ ᠤᠨ ᠳᠦᠷᠦ ᠶᠢᠨ ᠪᠤᠳᠤᠯᠭ᠎ᠠ ᠶᠢ ᠤᠯᠠᠮ ᠨᠢᠬᠡ ᠠᠯᠬᠤᠮ ᠳᠤᠤᠱᠯᠠᠭᠤᠯᠵᠤ᠂ ᠰᠢᠷ᠎ᠡ ᠳᠡᠮᠡᠬᠡᠳᠦ ᠰᠦᠮ᠎ᠡ ᠶᠢ ᠰᠠᠯᠪᠢᠨ ᠵᠠᠰᠠᠵᠤ ᠰᠢᠨᠡᠳᠬᠡᠨ ᠪᠠᠶᠢᠭᠤᠯᠬᠤ ᠨᠢ ᠳᠡᠦᠬᠡ ᠶᠢᠨ ᠳᠤᠷᠠᠰᠬᠠᠯᠳᠤ ᠪᠠᠷᠢᠯᠭ᠎ᠠ ᠶᠢ ᠬᠠᠮᠠᠭᠠᠯᠠᠵᠤ᠂ ᠦᠨᠳᠦᠰᠦᠳᠡᠨ ᠤ ᠰᠤᠶᠤᠯ ᠤᠨ ᠦᠪ ᠬᠦᠷᠦᠩᠬᠡ ᠶᠢ ᠵᠠᠯᠭᠠᠮᠵᠢᠯᠠᠬᠤ ᠮᠠᠠᠳᠤᠭᠤᠯᠬᠤ ᠠᠯᠤᠰ ᠬᠡᠳᠦ ᠶᠢᠨ ᠤᠳᠬ᠎ᠠ ᠠᠭᠤᠯᠭ᠎ᠠ ᠲᠠᠢ ᠪᠤᠯᠵᠤ᠂ ᠡᠯ᠎ᠡ ᠱᠠᠳᠤᠨ ᠤ ᠵᠠᠰᠠᠭ  ᠤᠨ ᠤᠷᠳᠤᠨ᠂ ᠡᠯ᠎ᠡ ᠦᠨᠳᠦᠰᠦᠳᠡᠨ ᠤ ᠠᠷᠠᠳ ᠳᠦᠮᠡᠨ ᠪᠠ ᠡᠯ᠎ᠡ ᠡᠳᠡᠬᠡᠳ ᠤᠨ ᠬᠢᠨ ᠤ ᠤᠨᠴᠠ ᠶᠡᠭᠡ ᠠᠩᠬᠠᠷᠤᠯ ᠢ ᠳᠠᠳᠠᠵᠤ ᠴᠢᠳᠠᠭᠰᠠᠨ ᠪᠠᠶᠢᠨ᠎ᠠ᠃
 
     1988 ᠤᠨ ᠠᠴᠠ ᠡᠬᠢᠯᠡᠵᠦ᠂ ᠦᠬᠡᠷᠡᠴᠢᠯᠡᠯᠳᠡ ᠬᠢᠵᠦ ᠴᠢᠯᠦᠬᠡᠳᠡᠢ ᠶᠠᠪᠤᠯᠴᠠᠬᠤ ᠳᠦᠷᠦ ᠶᠢᠨ ᠪᠤᠳᠤᠯᠭ᠎ᠠ ᠶᠢᠨ ᠳᠤᠶᠠᠭᠠᠯᠠᠯ ᠢᠶᠠᠷ᠂ ᠳᠤᠰ ᠬᠡᠶᠢᠳ ᠤᠨ ᠵᠡᠬᠦᠨ ᠰᠢᠷᠡᠬᠡᠨ ᠯᠠᠮᠠ᠂ ᠪᠡᠬᠡᠵᠢᠩ ᠤᠨ ᠨᠠᠶᠢᠷᠠᠯᠳᠤ ᠨᠠᠶᠢᠷᠠᠮᠳᠠᠭᠤ ᠰᠦᠮ᠎ᠡ ᠶᠢᠨ ᠰᠢᠷᠡᠬᠡᠳᠦ ᠬᠠᠮᠪᠤ ᠯᠠᠮᠠ ᠵᠠᠮᠢᠶᠠᠩᠳᠦ᠋ᠪᠳᠡᠨ ᠪᠠᠭᠰᠢ ᠶᠢᠨ ᠰᠢᠭᠤᠳ ᠳᠡᠮᠵᠢᠯᠬᠡ ᠪᠠ ᠵᠢᠯᠤᠭᠤᠳᠤᠯᠭ᠎ᠠ ᠪᠠᠷ ᠬᠦᠬᠡᠨᠠᠭᠤᠷ ᠤᠨ ᠭᠤᠮᠪᠤᠨ ᠤ ᠳᠦᠪᠡᠳ ᠤᠷᠠᠯᠢᠬᠴᠢᠳ ᠪᠠ ᠪᠡᠬᠡᠵᠢᠩ ᠤᠨ ᠬᠢᠳᠡᠳ ᠤᠷᠠᠯᠢᠬᠴᠢᠳ ᠢ ᠤᠯᠠᠨ ᠤᠳᠠᠭ᠎ᠠ ᠤᠷᠢᠨ ᠠᠪᠴᠢᠷᠠᠵᠤ᠂ ᠰᠢᠷ᠎ᠡ ᠳᠡᠮᠡᠬᠡᠳᠦ ᠰᠦᠮ᠎ᠡ ᠶᠢ ᠰᠠᠯᠪᠢᠨ ᠵᠠᠰᠠᠵᠤ ᠰᠢᠨᠡᠳᠬᠡᠨ ᠪᠠᠶᠢᠭᠤᠯᠤᠭᠰᠠᠨ ᠠᠴᠠ ᠰᠢᠷ᠎ᠡ ᠳᠡᠮᠡᠬᠡᠳᠦ ᠰᠦᠮ᠎ᠡ ᠨᠢ ᠤᠭ ᠤᠨ ᠰᠦᠷᠯᠢᠭ ᠭᠤᠸ᠎ᠠ ᠦᠡᠭᠬᠡ ᠦᠵᠡᠮᠵᠢ  ᠪᠠᠨ ᠳᠠᠬᠢᠨ ᠰᠡᠷᠬᠦᠬᠡᠭᠰᠡᠨ ᠢᠶᠠᠷ ᠪᠠᠷᠠᠬᠤ ᠦᠭᠡᠢ᠂ ᠪᠦᠬᠦ ᠤᠷᠤᠨ ᠳᠠᠶᠠᠭᠠᠷ ᠲᠤ ᠭᠠᠭᠴᠠᠬᠠᠨ ᠪᠦᠬᠦᠢ ᠦᠨᠳᠦᠷ ᠰᠦᠷᠯᠢᠭ ᠰᠤᠪᠤᠷᠭ᠎ᠠ ᠶᠢ ᠪᠤᠰᠬᠠᠨ ᠪᠠᠷᠢᠵᠤ᠂ ᠰᠦᠨᠳᠡᠷᠯᠡᠨ ᠪᠠᠷᠠᠭᠠᠯᠠᠬᠳᠠᠵᠤ᠂ ᠴᠤ᠋ ᠰᠢᠨ᠎ᠡ ᠭᠠᠶᠢᠬᠠᠮᠰᠢᠬᠳᠤ ᠰᠦᠷᠯᠢᠭ ᠳᠦᠷᠢ ᠪᠠᠷ ᠢᠶᠠᠨ ᠬᠠᠨᠭ᠍ᠬᠢᠨ ᠨᠤᠳᠤᠭ ᠲᠤ ᠦᠡᠭᠬᠡ ᠦᠵᠡᠮᠵᠢ ᠨᠡᠮᠡᠭᠰᠡᠨ ᠪᠠᠶᠢᠨ᠎ᠠ᠃ ︵ᠳᠤᠳᠤ ᠡᠮᠬᠢᠳᠬᠡᠪᠡ᠃︶
ᠢᠷᠡᠯᠲᠡ᠄ ᠬᠠᠩᠭᠢᠨ ᠬᠤᠰᠢᠭᠤᠨ ᠤ ᠵᠠᠰᠠᠭ ᠤᠨ ᠤᠷᠳᠤᠨ ᠤ ᠵᠠᠰᠠᠭ ᠤᠨ ᠶᠠᠪᠤᠳᠠᠯ ᠤᠨ ᠮᠤᠩᠭᠤᠯ ᠬᠡᠯᠡᠨ ᠤ ᠰᠦᠯᠵᠢᠶ᠎ᠡ