ᠪᠠᠭᠰᠢ ᠮᠢᠨᠢ ᠲᠠ — — — ᠬᠦᠩᠭᠠᠷ | ᠨᠠᠪᠴᠢ ᠪᠠᠨ ᠳᠡᠯᠭᠡᠭᠰᠡᠨ ᠴᠤᠮᠤᠷᠯᠢᠭ ᠤᠳ ᠰᠢᠭ᠋ | ᠠᠩᠭ᠎ᠠ ᠪᠠᠭ᠎ᠠ ᠰᠤᠷᠤᠭᠴᠢ ᠪᠢᠳᠠᠨ ᠢ | ᠪᠠᠭᠰᠢ ᠮᠢᠨᠢ ᠲᠠ ᠬᠥᠮᠥᠵᠢᠭᠦᠯᠵᠥ ᠪᠢᠯᠡ | ᠨᠠᠮ ᠤᠨ ᠥᠢᠯᠡᠰ ᠭᠡᠪᠡᠯ ᠠᠷᠠᠯ ᠤᠨ ᠱᠠᠷ ᠰᠢᠭ᠋ | ᠠᠯᠵᠢᠶᠠᠯ ᠥᠭᠡᠢ ᠵᠢᠳᠬᠦᠳᠡᠭ ᠠᠴᠠ | ᠪᠠᠭᠰᠢ ᠮᠢᠨᠢ ᠲᠠ ᠭᠠᠪᠢᠶᠠᠲᠠᠨ ᠪᠢᠯᠡ | ᠬᠤᠷᠸ᠎ᠠ ᠶᠢᠨ ᠥᠷᠥᠴᠡᠨ ᠳᠤ ᠭᠠᠭᠴᠠ ᠰᠡᠳᠬᠢᠯ ᠢ ᠡᠪᠥᠷᠳᠥᠭᠦᠯᠵᠥ ᠶᠠᠪᠤᠳᠠᠭ ᠠᠴᠠ | ᠬᠤᠶᠢᠴᠢᠰ ᠤᠨ ᠥᠢᠯᠡᠰ ᠰᠠᠨᠠᠭᠠᠨ ᠠᠴᠠ ᠨᠢ ᠶᠡᠷᠥ ᠭᠠᠷᠤᠭ᠎ᠠ ᠥᠭᠡᠢ | ᠯᠠᠪᠲᠠᠢ ᠪᠡᠶᠡᠯᠡᠬᠦ ᠥᠢᠯᠡᠰ ᠲᠤ ᠪᠠᠨ ᠢᠲᠡᠭᠡᠯ ᠬᠥᠰᠡᠯ ᠲᠠᠢ ᠪᠠᠶᠢᠭᠰᠠᠨ ᠠᠴᠠ | ᠯᠠ ᠰᠢᠥᠬᠠᠨ ᠪᠡᠶ᠎ᠡ ᠪᠠᠨ ᠡᠷᠭᠦᠵᠥ ᠶᠠᠪᠤᠳᠠᠭ ᠪᠢᠯᠡ | ᠠᠰᠠᠵᠤ ᠳᠥᠷᠡᠯᠵᠡᠭᠰᠡᠨ ᠭᠠᠯ ᠤᠨ ᠳᠥᠯᠥ ᠰᠢᠭ | ᠠᠭᠠᠬᠢᠮ᠎ᠠ ᠵᠠᠯᠠᠭᠤ ᠨᠠᠰᠤᠨ ᠠᠴᠠ ᠪᠠᠨ | ᠪᠠᠭᠰᠢ ᠮᠢᠨᠢ ᠲᠠ ᠥᠨᠡᠨᠴᠢ ᠪᠢᠯᠡ | ᠠᠬᠢᠬᠤ ᠮᠠᠷᠭᠠᠰᠢ ᠶᠢᠨ ᠥᠷᠯᠥᠭᠡ ᠶᠢᠨ ᠨᠠᠷᠠ ᠰᠢᠭ᠋ | ᠠᠰᠢᠳᠠ ᠭᠢᠯᠠᠷᠠᠭᠤᠯᠵᠤ ᠶᠠᠪᠤᠭᠰᠠᠨ ᠠᠴᠠ | ᠪᠠᠭᠰᠢ ᠮᠢᠨᠢ ᠲᠠ ᠬᠥᠨᠳᠥᠲᠡᠢ ᠪᠢᠯᠡ | ᠴᠠᠭ ᠡᠷᠡᠨ ᠬᠤᠪᠢᠷᠠᠵᠤ ᠪᠠᠶᠢᠭᠰᠠᠨ ᠴᠦ | ᠴᠠᠭᠠᠨᠠᠬᠢ ᠠᠵᠢᠯ ᠢᠶᠠᠨ ᠰᠤᠯᠠᠷᠠᠭᠤᠯᠤᠭᠠ ᠥᠭᠡᠢ | ᠴᠡᠳᠢᠭ᠋ ᠲᠡᠥᠬᠡ ᠶᠢ ᠪᠥᠲᠥᠭᠡᠬᠦ ᠰᠥᠰᠥ ᠵᠤᠷᠢᠭ ᠪᠠᠶᠢᠭᠰᠠᠨ ᠠᠴᠠ | ᠴᠡᠯ ᠪᠤᠭᠤᠷᠤᠯᠳᠤᠲᠠᠯᠠ ᠭᠤᠶᠢᠪᠠᠭᠠ ᠥᠭᠡᠢ ᠪᠢᠯᠡ | ᠰᠠᠨᠰᠠᠷ ᠲᠤ ᠳᠡᠭᠦᠯᠢᠬᠦ ᠡᠷᠡᠯᠭᠡᠭ ᠪᠥᠷᠭᠦᠳ ᠰᠢᠭ | ᠰᠢᠷᠭᠠᠭᠤ ᠬᠠᠳᠠᠭᠤᠵᠢᠯᠲᠠᠢ ᠠᠵᠢᠯᠯᠠᠭᠰᠠᠨ ᠠᠴᠠ | ᠪᠠᠭᠰᠢ ᠮᠢᠨᠢ ᠲᠠ ᠵᠢᠳᠬᠦᠯᠲᠡᠨ ᠪᠢᠯᠡ | ᠰᠠᠷᠠᠨ ᠤ ᠳᠤᠤᠷᠠᠬᠢ ᠰᠠᠷ᠎ᠠ ᠰᠢᠭ᠋ | ᠮᠡᠳᠡᠯᠭᠡ ᠪᠠᠷ ᠢᠶᠠᠨ ᠰᠤᠷᠤᠭᠴᠢᠳ ᠢᠶᠠᠨ ᠢᠪᠡᠭᠡᠭᠰᠡᠨ ᠠᠴᠠ | ᠪᠠᠭᠰᠢ ᠮᠢᠨᠢ ᠲᠠ ᠳᠡᠯᠡᠬᠡᠢ ᠪᠢᠯᠡ︕ | 1993.8.13 | |