ᠢᠰᠢᠭᠡ ᠮᠢᠨᠢ --- ᠬᠦᠩᠭᠠᠷ
ᠨᠡᠶᠢᠲᠡᠯᠡᠭᠰᠡᠨ ᠴᠠᠭ᠄
2020/12/4

        ᠢᠰᠢᠭᠡ ᠮᠢᠨᠢ

ᠴᠢᠨᠳᠠᠭᠠᠨ ᠴᠠᠭᠠᠨ ᠢᠰᠢᠭᠡ ᠮᠢᠨᠢ

ᠴᠡᠯᠡᠭᠡᠷ ᠲᠠᠯ᠎ᠠ ᠳᠤ ᠪᠠᠨ ᠤᠳᠤᠮᠰᠢᠯ ᠲᠠᠢ

ᠴᠡᠩᠬᠡᠨ ᠵᠢᠷᠭᠠᠭᠰᠠᠨ ᠪᠢᠳᠠ ᠨᠠᠷ

ᠴᠡᠭᠡᠯᠬᠡᠨ ᠲᠠᠩᠬᠢᠮ ᠳᠤ ᠪᠠᠨ ᠰᠤᠷᠤᠯᠭ᠎ᠠ ᠲᠠᠢ

ᠡᠷᠪᠡᠭᠡᠷ ᠡᠪᠡᠷ ᠲᠠᠢ ᠢᠰᠢᠭᠡ ᠮᠢᠨᠢ

ᠡᠷᠬᠡᠳᠥ ᠶᠢᠨ ᠴᠠᠶᠢᠳᠠᠮ ᠳᠤ ᠪᠠᠨ ᠪᠡᠯᠴᠢᠭᠡᠷ ᠲᠠᠢ

ᠢᠵᠢᠯᠢᠰᠢᠨ ᠳᠠᠰᠤᠭᠰᠠᠨ ᠪᠢᠳᠠ ᠨᠠᠷ

ᠡᠷᠳᠡᠮ ᠤᠨ ᠬᠠᠷᠭᠤᠢ ᠳᠤ ᠴᠤᠭᠯᠠᠷᠠᠯ ᠲᠠᠢ

ᠲᠤᠷᠮᠤᠭᠤᠷ ᠨᠢᠳᠥ ᠲᠠᠢ ᠢᠰᠢᠭᠡ ᠮᠢᠨᠢ

ᠲᠠᠤᠯᠠᠢ ᠶᠢᠨ ᠭᠤᠤᠯ ᠳᠤ ᠪᠠᠨ ᠤᠮᠳᠠ ᠲᠠᠢ

ᠲᠤᠷᠨᠢᠭᠤᠨ ᠪᠤᠶᠢᠵᠢᠭᠰᠠᠨ ᠪᠢᠳᠠ ᠨᠠᠷ

ᠲᠤᠩᠭᠠᠯᠠᠭ ᠲᠠᠩᠬᠢᠮ ᠳᠤ ᠪᠠᠨ ᠨᠠᠶᠢᠵᠠ ᠲᠠᠢ

ᠪᠠᠨᠳᠠᠨ ᠴᠠᠭᠠᠨ ᠢᠰᠢᠭᠡ ᠮᠢᠨᠢ

ᠪᠠᠯᠠᠷᠲᠤ ᠰᠠᠷᠪᠠᠩ ᠢᠶᠠᠷ ᠢᠳᠡᠰᠢᠯ ᠲᠠᠢ

ᠪᠠᠭ᠋ᠠᠷᠤᠯ ᠲᠠᠢ ᠬᠥᠮᠥᠵᠢᠭᠰᠡᠨ ᠪᠢᠳᠠ ᠨᠠᠷ

ᠪᠠᠭᠰᠢ ᠶᠢᠨ ᠢᠶᠠᠨ ᠰᠤᠷᠭᠠᠯ ᠳᠤ ᠳᠠᠪᠰᠢᠯᠲᠠ ᠲᠠᠢ

                             1992.4.24

ᠢᠷᠡᠯᠲᠡ᠄ ᠬᠠᠩᠭᠢᠨ ᠬᠤᠰᠢᠭᠤᠨ ᠤ ᠵᠠᠰᠠᠭ ᠤᠨ ᠣᠷᠳᠣᠨ ᠤ ᠮᠣᠩᠭᠤᠯ ᠬᠡᠯᠡᠨ ᠤ ᠵᠠᠰᠠᠭ ᠤᠨ ᠶᠠᠪᠣᠳᠠᠯ ᠤᠨ ᠰᠦᠯᠵᠢᠶ᠎ᠡ