ᠥᠷᠯᠥᠭᠡ — | ᠤᠨᠲᠠᠭᠰᠠᠨ ᠪᠥᠭᠦᠳᠡ ᠶᠢ ᠨᠤᠶᠢᠷ ᠠᠴᠠ ᠰᠡᠷᠭᠦᠭᠡᠨ᠎ᠡ | ᠥᠢᠯᠡᠰᠴᠢᠨ ᠪᠥᠬᠦᠨ ᠳᠤ ᠰᠢᠨ᠎ᠡ ᠶᠢ ᠠᠪᠴᠢᠷᠠᠨ᠎ᠠ | ᠡᠳᠥᠷ ᠤᠨ ᠠᠵᠢᠯ ᠳᠤ ᠡᠬᠢᠯᠡᠯᠲᠡ ᠶᠢ ᠨᠡᠭᠡᠭᠡᠨ᠎ᠡ | ᠡᠷᠭᠢᠬᠦ ᠬᠤᠷᠸ᠎ᠠ ᠳᠤ ᠴᠠᠭ ᠢ ᠮᠡᠳᠡᠭᠡᠯᠡᠨ᠎ᠡ | ᠥᠷᠯᠥᠭᠡ — | ᠥᠰᠬᠦ ᠨᠠᠰᠤᠨ ᠳᠤ ᠤᠬᠠᠭᠠᠨ ᠢ ᠰᠤᠶᠤᠷᠬᠠᠨ᠎ᠠ | ᠥᠷ ᠤᠨ ᠴᠤᠯᠮᠤᠨ ᠢ ᠨᠠᠷᠠ ᠪᠠᠷ ᠰᠤᠯᠢᠨ᠎ᠠ | ᠰᠢᠨᠡᠴᠢᠯᠡᠯᠲᠡ ᠥᠭᠡᠷᠡᠴᠢᠯᠡᠯᠲᠡ ᠶᠢ ᠠᠮᠵᠢᠯᠲᠠ ᠪᠠᠷ ᠪᠡᠯᠭᠡᠳᠡᠨ᠎ᠡ | ᠰᠥᠨᠢ ᠶᠢᠨ ᠬᠠᠷᠠᠩᠭᠤᠢ ᠶᠢ ᠲᠤᠯᠤᠩ ᠢᠶᠠᠷ ᠲᠤᠯᠢᠳᠠᠨᠠ | ᠥᠷᠯᠥᠭᠡ — | ᠥᠲᠡᠯᠥᠭᠡ ᠨᠠᠰᠤᠨ ᠳᠤ ᠵᠢᠷᠭᠠᠯ ᠢ ᠠᠪᠴᠢᠷᠠᠨ᠎ᠠ | ᠥᠵᠡᠬᠦ ᠨᠢᠳᠥᠨ ᠳᠤ ᠬᠠᠷᠠᠭ᠎ᠠ ᠶᠢ ᠤᠷᠤᠭᠤᠯᠤᠨ᠎ᠠ | ᠪᠠᠶᠢᠰᠢᠩ ᠭᠡᠷ ᠲᠤ ᠭᠡᠭᠡ ᠪᠠᠨ ᠲᠤᠰᠬᠠᠨ᠎ᠠ | ᠪᠠᠶᠠᠷ ᠵᠢᠷᠭᠠᠯ ᠳᠤ ᠬᠥᠭ ᠨᠡᠮᠡᠷᠢᠯᠡᠨ᠎ᠡ | ᠥᠷᠯᠥᠭᠡ — | ᠠᠯᠤᠰ ᠢ ᠪᠠᠷᠠᠯᠠᠬᠤ ᠳᠤ ᠵᠠᠮ ᠢ ᠵᠢᠭᠠᠨ᠎ᠠ | ᠠᠵᠢᠯ ᠢᠶᠠᠨ ᠪᠡᠶᠡᠯᠡᠬᠦᠯᠬᠦ ᠳᠤ ᠵᠤᠷᠢᠭ ᠢ ᠭᠥᠪᠴᠢᠯᠡᠨᠡ | ᠬᠥᠮᠥᠨ ᠠᠮᠢᠲᠠᠨ ᠳᠤ ᠡᠨᠧᠷᠬᠢ ᠬᠠᠩᠭᠠᠨ᠎ᠠ | ᠬᠥᠷᠥᠰᠥᠲᠥ ᠳᠡᠯᠡᠬᠡᠢ ᠳᠤ ᠠᠮᠢᠯᠠᠯ ᠢ ᠤᠯᠭᠤᠨ᠎ᠠ | 2006.1.1 |