ᠮᠢᠨᠤ ᠬᠥᠰᠡᠯᠡᠩ ᠵᠢᠷᠤᠭ ᠠᠳᠠᠯᠢ --  ᠬᠦᠩᠭᠠᠷ
ᠨᠡᠶᠢᠲᠡᠯᠡᠭᠰᠡᠨ ᠴᠠᠭ᠄
2020/12/9
       ᠮᠢᠨᠤ ᠬᠥᠰᠡᠯᠡᠩ ᠵᠢᠷᠤᠭ ᠠᠳᠠᠯᠢ ᠴᠡᠯᠡᠭᠡᠷ ᠠᠭᠤᠳᠠᠮ ᠲᠠᠯ᠎ᠠ ᠶᠢᠨ ᠳᠤᠮᠳᠠ ᠴᠡᠩᠬᠡᠷ ᠤᠲᠤᠭ᠎ᠠ ᠰᠤᠭᠤᠨᠠᠭᠯᠠᠭᠰᠠᠨ ᠮᠤᠩᠭᠤᠯ ᠭᠡᠷ ᠴᠠᠶᠢᠯᠵᠠᠭᠠᠳ ᠮᠤᠩᠭᠤᠯ ᠭᠡᠷ ᠤᠨ ᠡᠨᠡᠲᠡᠢ ᠲᠡᠨᠡᠲᠡᠢ ᠲᠠᠯ᠎ᠠ ᠪᠠᠷ ᠥᠩᠰᠢᠭ ᠰᠥᠷᠥᠭ ᠲᠠᠭᠠᠲᠠᠶᠢᠬᠠᠨ ᠢᠳᠡᠰᠢᠯᠡᠨ᠎ᠡ ᠲᠠᠭᠠᠲᠠᠢ ᠢᠳᠡᠰᠢᠯᠡᠭᠰᠡᠨ ᠰᠥᠷᠥᠭ ᠤᠨ ᠳᠡᠷᠭᠡᠳᠡ ᠡᠵᠢ ᠶᠢᠨ ᠮᠢᠨᠢ ᠮᠥᠰᠢᠶ᠎ᠡ ᠬᠠᠯᠬᠢᠬᠤ ᠰᠢᠭ᠋       ᠮᠢᠨᠤ ᠬᠥᠰᠡᠯᠡᠩ ᠵᠢᠷᠤᠭ ᠠᠳᠠᠯᠢ       ᠮᠠᠷᠭᠠᠰᠢ ᠶᠢᠨ ᠰᠠᠶᠢᠬᠠᠨ ᠢ ᠮᠠᠭᠠᠳ ᠪᠡᠶᠡᠯᠡᠬᠦᠯᠥᠨ᠎ᠡ ᠲᠡᠨᠢᠭᠡᠷ ᠬᠠᠩᠭᠠᠢ ᠶᠢᠨ ᠥᠷᠥᠴᠡᠨ ᠳᠡᠭᠡᠭᠦᠷ ᠲᠠᠷᠺᠲ᠋ᠤᠷ ᠮᠠᠰᠢᠨ ᠬᠥᠷᠴᠢᠬᠢᠨᠡᠨ ᠳᠠᠪᠬᠢᠯᠳᠤᠨ᠎ᠠ ᠲᠠᠪᠬᠢᠯᠳᠤᠬᠤ ᠮᠠᠰᠢᠨ ᠤ ᠮᠥᠷ ᠢ ᠳᠠᠭᠠᠭᠠᠳ ᠲᠠᠪᠤᠨ ᠲᠠᠷᠢᠶ᠎ᠠ ᠬᠠᠯᠢᠭᠤᠷᠠᠨ ᠳᠤᠯᠭᠢᠶᠠᠯᠠᠨ᠎ᠠ ᠬᠠᠯᠢᠭᠤᠷᠠᠨ ᠳᠤᠯᠭᠢᠶᠠᠯᠠᠭᠰᠠᠨ ᠲᠠᠷᠢᠶᠠᠨ ᠤ ᠵᠠᠬ᠎ᠠ ᠳᠤ ᠬᠠᠪᠤᠲᠠᠢ ᠢᠨᠢᠶᠡᠳᠥ ᠱᠤᠤᠬᠢᠬᠤ ᠰᠢᠭ᠋       ᠮᠢᠨᠤ ᠬᠥᠰᠡᠯᠡᠩ ᠵᠢᠷᠤᠭ ᠠᠳᠠᠯᠢ       ᠮᠠᠨᠳᠤᠬᠤ ᠢᠷᠡᠭᠡᠳᠥᠢ ᠪᠠᠨ ᠵᠠᠪᠠᠯ ᠴᠤᠭᠴᠠᠯᠠᠨ᠎ᠠ                                   1992.4.22
ᠢᠷᠡᠯᠲᠡ᠄ ᠬᠠᠩᠭᠢᠨ ᠬᠤᠰᠢᠭᠤᠨ ᠤ ᠵᠠᠰᠠᠭ ᠤᠨ ᠣᠷᠳᠣᠨ ᠤ ᠮᠣᠩᠭᠤᠯ ᠬᠡᠯᠡᠨ ᠤ ᠵᠠᠰᠠᠭ ᠤᠨ ᠶᠠᠪᠣᠳᠠᠯ ᠤᠨ ᠰᠦᠯᠵᠢᠶ᠎ᠡ