ᠨᠢᠭᠡᠳᠦᠬᠡᠷ ᠪᠦᠯᠦᠭ ᠣᠷᠤᠭ | ᠬᠤᠷᠢᠮ ᠪᠣᠯᠣᠯᠴᠠᠬᠤ ᠶᠢᠨ ᠶᠣᠰᠣ ᠪᠠ ᠨᠦᠬᠦᠴᠡᠯ | ᠬᠡᠯᠪᠡᠷᠢ | ᠣᠷᠤᠭ ᠲᠦᠷᠦᠯ ᠪᠠᠶᠢᠭᠤᠯᠬᠤ ᠶᠠᠪᠣᠳᠠᠯ | ᠪᠣᠯ ᠬᠦᠮᠦᠨ ᠤ ᠠᠮᠢᠳᠣᠷᠠᠯ ᠤᠨ ᠴᠢᠬᠤᠯᠠ ᠨᠢᠭᠡ | ᠠᠭᠤᠯᠭ᠎ᠠ ᠮᠦᠨ᠃ ᠣᠷᠤᠭ ᠲᠦᠷᠦᠯ | ᠪᠣᠯᠣᠯᠴᠠᠬᠤ ᠳᠤ ᠡᠩ ᠲᠡᠷᠢᠬᠦᠨ ᠳᠤ ᠲᠡᠭᠦᠨ ᠤ | ᠨᠦᠬᠦᠴᠡᠯ ᠪᠦᠷᠢᠯᠳᠦᠬᠦ ᠬᠡᠷᠡᠭᠳᠡᠢ᠃ ᠨᠦᠬᠦᠴᠡᠯ | ᠭᠡᠳᠡᠭ ᠪᠣᠯ ᠡᠷᠡᠭᠳᠡᠢ ᠡᠮᠡᠭᠳᠡᠢ ᠬᠤᠶᠠᠷ ᠲᠠᠯ᠎ᠠ | ᠪᠣᠯᠬᠤ ᠪᠦᠭᠡᠳ ᠣᠷᠤᠭ ᠲᠦᠷᠦᠯ ᠤᠨ | ᠪᠦᠷᠢᠯᠳᠦᠬᠦᠨ ᠤ ᠲᠣᠳᠠᠭᠳᠠᠵᠣ ᠪᠣᠯᠣᠰᠢ ᠦᠬᠡᠢ | ᠦᠨᠳᠦᠰᠦᠨ ᠣᠷᠢᠳᠠᠯ ᠪᠣᠯᠣᠨ᠎ᠠ᠃ ᠵᠠᠪᠠᠯ | ᠡᠷᠡᠭᠳᠡᠢ ᠡᠮᠡᠭᠳᠡᠢ ᠬᠤᠶᠠᠷ ᠲᠠᠯ᠎ᠠ ᠪᠠᠶᠢᠮᠠᠨᠵᠢᠨ | ᠰᠠᠶ᠋ᠢ ᠣᠷᠤᠭ ᠲᠦᠷᠦᠯ ᠤᠨ ᠬᠠᠷᠢᠴᠠᠭ᠎ᠠ | ᠡᠭᠦᠰᠦᠨ᠎ᠡ᠃ ᠭᠡᠪᠡᠴᠦ ᠡᠷᠡᠭᠳᠡᠢ ᠡᠮᠡᠭᠳᠡᠢ ᠬᠤᠶᠠᠷ | ᠲᠠᠯ᠎ᠠ ᠪᠠᠶᠢᠯ᠎ᠠ ᠭᠡᠳ ᠲᠡᠷᠡ ᠪᠦᠭᠦᠳᠡᠭᠡᠷ ᠢᠶᠠᠨ | ᠣᠷᠤᠭ ᠲᠦᠷᠦᠯ ᠤᠨ ᠬᠠᠷᠢᠴᠠᠭ᠎ᠠ | ᠪᠠᠶᠢᠭᠤᠯᠴᠢᠬᠠᠬᠤ ᠶᠠᠪᠣᠳᠠᠯ ᠣᠭᠳᠣ ᠪᠢᠰᠢ᠃ | ᠬᠦᠮᠦᠨ ᠲᠦᠷᠦᠯᠬᠢᠳᠡᠨ ᠤ ᠨᠡᠶᠢᠬᠡᠮ ᠤᠨ | ᠭᠦᠭᠵᠢᠯᠲᠡ ᠶᠢ ᠲᠠᠭᠠᠯᠳᠣᠨ ᠪᠣᠯᠪᠠᠰᠣᠨ ᠱᠠᠳᠣᠨ | ᠳᠤ ᠣᠷᠣᠭᠰᠠᠨ ᠠᠴᠠ ᠨᠠᠭᠠᠰᠢ ᠰᠦᠷᠦᠭᠯᠡᠯ ᠤᠨ | ᠠᠮᠢᠳᠣᠷᠠᠯ ᠳᠠᠬᠢ ᠪᠣᠯᠢᠶᠡᠵᠣ ᠲᠡᠭᠡᠷᠡᠮᠳᠡᠬᠦ | ᠰᠠᠮᠠᠭᠤᠨ ᠣᠷᠣᠭᠯᠠᠯ ᠠᠴᠠ ᠪᠠᠨ ᠣᠪᠣᠭ᠂ | ᠠᠶᠢᠮᠠᠭ ᠤᠨ ᠬᠤᠭᠤᠷᠣᠨᠳᠣᠬᠢ ᠣᠷᠤᠭ ᠲᠦᠷᠦᠯ | ᠪᠣᠯᠵᠣ᠂ ᠣᠪᠣᠭ ᠲᠣᠳᠣᠷ᠎ᠠ ᠪᠠᠨ ᠣᠷᠤᠭ | ᠲᠦᠷᠦᠯ ᠤᠨ ᠬᠠᠷᠢᠴᠠᠭ᠎ᠠ ᠪᠠᠶᠢᠭᠤᠯᠬᠤ ᠶᠢ | ᠴᠡᠭᠡᠷᠯᠡᠨ ᠴᠢᠰᠣ ᠮᠢᠬᠠᠨ ᠤ ᠬᠠᠷᠢᠴᠠᠭ᠎ᠠ ᠲᠠᠢ | ᠬᠦᠮᠦᠰ ᠬᠤᠭᠤᠷᠣᠨᠳᠣ ᠪᠠᠨ ᠣᠷᠤᠭ ᠲᠦᠷᠦᠯ | ᠪᠠᠷᠢᠯᠳᠣᠳᠠᠭ ᠦᠬᠡᠢ ᠪᠣᠯᠵᠠᠢ᠃ ᠡᠬᠦᠨ ᠤ ᠣᠯᠠᠮ | ᠢᠶᠠᠷ ᠣᠷᠤᠭ ᠲᠦᠷᠦᠯ ᠤᠨ ᠬᠠᠷᠢᠴᠠᠭ᠎ᠠ ᠨᠢ | ᠬᠤᠪᠢᠷᠠᠵᠣ ᠬᠦᠭᠵᠢᠭᠡᠳ ᠨᠢᠭᠡ ᠡᠷᠡᠭᠳᠡᠢ ᠡᠮᠡᠭᠳᠡᠢ | ᠶᠢ ᠡᠬᠡᠨᠡᠷ ᠢᠶᠠᠨ ᠪᠣᠯᠭᠠᠵᠣ ᠠᠪᠬᠤ ᠪᠣᠯᠪᠠᠰᠣᠨ | ᠱᠠᠳᠣᠨ ᠳᠤ ᠰᠢᠯᠵᠢᠨ ᠣᠷᠣᠭᠰᠠᠨ ᠶᠣᠮ᠃ | ᠨᠢᠭᠡ᠂ ᠣᠳᠣᠮ ᠣᠭᠰᠠᠭᠠᠨ ᠤ | ᠬᠠᠷᠢᠴᠠᠭ᠎ᠠ | ᠡᠷᠳᠡ ᠲᠡᠭᠡᠳᠦ ᠠᠴᠠ ᠮᠣᠩᠭᠤᠯ | ᠨᠣᠶᠠᠳ ᠣᠷᠤᠭ ᠪᠠᠷᠢᠯᠳᠣᠬᠤ ᠳᠤ ᠨᠢᠬᠡ | ᠶᠠᠰᠣᠳᠠᠨ ᠲᠠᠢ ᠪᠠᠨ ᠣᠷᠤᠭ ᠪᠣᠯᠣᠯᠴᠠᠬᠤ ᠦᠬᠡᠢ | ᠃ ᠬᠡᠷᠪᠡ ᠨᠢᠭᠡ ᠣᠳᠣᠮ ᠶᠠᠰᠣᠳᠠᠨ ᠣᠷᠤᠭ | ᠪᠠᠷᠢᠯᠳᠣᠭᠰᠠᠨ ᠪᠠᠶᠢᠬᠤ ᠳᠤ ᠬᠦᠷᠪᠡᠯ ᠠᠷᠪᠠᠨ | ᠦᠶ᠎ᠡ ᠰᠣᠨᠵᠣ ᠭᠠᠷᠣᠭᠰᠠᠨ ᠰᠠᠯᠠᠭ᠎ᠠ ᠠᠴᠠ | ᠣᠷᠤᠭ ᠪᠠᠷᠢᠯᠳᠣᠬᠤ ᠶᠣᠰᠣ ᠪᠣᠢ᠃ ᠭᠡᠪᠡᠴᠦ | ᠨᠢᠬᠡ ᠨᠣᠳᠤᠭ᠂ ᠠᠶᠢᠮᠠᠭ ᠲᠣᠳᠣᠷ᠎ᠠ ᠪᠣᠯᠬᠤ | ᠦᠬᠡᠢ ᠪᠦᠭᠡᠳ ᠴᠠᠭᠠᠰᠢ ᠪᠠᠨ ᠨᠢᠭᠡ ᠴᠢᠭᠤᠯᠭᠠᠨ | ᠲᠣᠳᠣᠷ᠎ᠠ ᠨᠢᠭᠡ ᠣᠳᠣᠮ ᠯᠤᠭ᠎ᠠ ᠣᠷᠤᠭ | ᠪᠣᠯᠣᠯᠴᠠᠵᠣ ᠣᠭᠳᠣ ᠪᠣᠯᠬᠤ ᠦᠬᠡᠢ᠃ | ᠨᠢᠬᠡ ᠣᠳᠣᠮ ᠪᠠᠶᠢᠪᠠᠴᠣ ᠬᠠᠷᠢᠨ | ᠨᠣᠳᠤᠭ ᠦᠬᠡᠷ᠎ᠡ᠂ ᠦᠶ᠎ᠡ ᠰᠣᠨᠣᠭᠰᠠᠨ ᠣᠳᠣᠮ | ᠢ ᠰᠣᠩᠭᠤᠵᠣ ᠣᠯᠣᠨ᠎ᠠ᠃ | ᠡᠷᠲᠡ ᠴᠠᠭ ᠠᠴᠠ ᠨᠣᠶᠠᠨ᠂ ᠬᠠᠷᠠᠴᠣ | ᠬᠡᠰᠡᠨ ᠦᠬᠡᠢ ᠶᠢᠰᠦᠨ ᠲᠦᠷᠦᠯ ᠤᠨ ᠬᠠᠷᠢᠴᠠᠭ᠎ᠠ | ᠬᠤᠯᠪᠣᠭ᠎ᠠ ᠲᠠᠢ᠂ ᠨᠢᠭᠡ ᠣᠳᠣᠮ ᠣᠭᠰᠠᠭᠠᠨ ᠤ | ᠬᠦᠮᠦᠰ ᠬᠠᠷᠢᠯᠴᠠᠨ ᠣᠷᠣᠭᠯᠠᠵᠣ ᠪᠣᠯᠳᠠᠭ ᠦᠬᠡᠢ | ᠂ ᠡᠰᠡᠪᠡᠯ ᠣᠪᠣᠭ ᠤᠨ ᠲᠦᠷᠢᠮ ᠢ ᠡᠪᠳᠡᠭᠰᠡᠨ | ᠶᠠᠪᠣᠳᠠᠯ ᠪᠣᠯᠣᠨ᠎ᠠ᠃ ᠶᠡᠭᠡ ᠪᠠᠭ᠎ᠠ ᠶᠢᠨ ᠢᠯᠭᠠᠭ᠎ᠠ | ᠦᠬᠡᠢ ᠣᠷᠣᠭᠯᠠᠪᠠᠯ ᠬᠦᠮᠦᠨᠴᠢ ᠴᠢᠨᠠᠷ ᠢᠶᠠᠨ | ᠠᠯᠳᠠᠵᠣ᠂ ᠮᠣᠩᠬᠠᠭ ᠪᠠᠯᠠᠢ ᠬᠡᠤᠬᠡᠳ ᠭᠠᠷᠣᠨ᠎ᠠ | ᠭᠡᠳᠡᠭ ᠴᠢᠩᠭ᠎ᠠ ᠴᠡᠭᠡᠷ ᠶᠣᠰᠣ ᠪᠣᠢ᠃ | ᠲᠠᠶᠢᠵᠢ ᠨᠠᠷ ᠬᠤᠭᠤᠷᠣᠨᠳᠣ ᠪᠠᠨ ᠣᠷᠤᠭ | ᠲᠦᠷᠦᠯ ᠪᠤᠯᠵᠤ ᠬᠤᠷᠢᠮ ᠬᠢᠵᠣ ᠪᠣᠯᠣᠨ᠎ᠠ᠃ | ᠲᠡᠭᠡᠷ᠎ᠡ ᠲᠣᠣᠷ᠎ᠠ ᠦᠶ᠎ᠡ ᠬᠤᠭᠤᠷᠣᠨᠳᠣ ᠪᠠᠨ | ᠣᠷᠤᠭ ᠲᠦᠷᠦᠯ ᠤᠨ ᠬᠠᠷᠢᠴᠠᠭ᠎ᠠ ᠪᠠᠶᠢᠭᠤᠯᠵᠣ | ᠪᠤᠯᠬᠤ ᠦᠬᠡᠢ᠃ | ᠪᠦᠯᠦ ᠠᠬ᠎ᠠ ᠲᠡᠭᠦᠤ ᠨᠠᠷ ᠬᠤᠭᠤᠷᠣᠨᠳᠣ ᠪᠠᠨ | ᠣᠷᠤᠭ ᠲᠦᠷᠦᠯ ᠪᠣᠯᠵᠣ ᠬᠤᠷᠢᠮ ᠭᠢᠵᠣ ᠪᠣᠯᠣᠨ᠎ᠠ | ᠃ ᠲᠡᠭᠡᠷ᠎ᠡ ᠲᠣᠣᠷ᠎ᠠ ᠦᠶ᠎ᠡ ᠬᠤᠭᠤᠷᠣᠨᠳᠣ ᠪᠠᠨ | ᠣᠷᠤᠭ ᠲᠦᠷᠦᠯ ᠤᠨ ᠬᠠᠷᠢᠴᠠᠭ᠎ᠠ ᠪᠠᠶᠢᠭᠤᠯᠵᠣ | ᠪᠣᠯᠬᠤ ᠦᠬᠡᠢ᠃ | ᠬᠤᠶᠠᠷ᠂ ᠭᠡᠷ ᠪᠦᠯᠢ ᠪᠠ ᠬᠠᠷᠢ | ᠦᠨᠳᠦᠰᠦᠳᠡᠨ ᠤ ᠬᠠᠷᠢᠴᠠᠭ᠎ᠠ | ᠭᠡᠷ ᠤᠨ ᠭᠠᠷᠣᠯ ᠣᠳᠣᠮ ᠲᠡᠩᠴᠡᠬᠦ | ᠦᠬᠡᠢ᠂ ᠣᠪᠣᠭ ᠣᠭᠰᠠᠭᠠᠨ ᠤ ᠲᠠᠯ᠎ᠠ ᠪᠠᠷ | ᠶᠢᠰᠦᠨ ᠦᠶ᠎ᠡ ᠳᠤ ᠴᠢᠰᠣᠨ ᠦᠰ ᠲᠠᠢ | ᠪᠠᠶᠢᠭᠰᠠᠨ ᠪᠤᠯ ᠣᠷᠤᠭ ᠲᠦᠷᠦᠯ ᠤᠨ ᠬᠠᠷᠢᠴᠠᠭ᠎ᠠ | ᠪᠠᠶᠢᠭᠤᠯᠬᠤ ᠦᠬᠡᠢ᠂ ᠡᠯᠢᠭᠡ ᠪᠠᠨ ᠨᠡᠭᠡᠭᠡᠭᠰᠡᠨ | ᠨᠦᠬᠦᠷ ᠲᠠᠢ ᠪᠠᠨ ᠲᠦᠷᠦᠯ ᠰᠠᠳᠣᠨ ᠪᠣᠯᠣᠯᠴᠠᠬᠤ | ᠠᠴᠠ ᠪᠢᠰᠢ ᠥᠰᠢᠶᠡᠳᠡᠨ ᠲᠠᠢ ᠪᠠᠨ ᠣᠷᠤᠭ | ᠲᠦᠷᠦᠯ ᠨᠠᠶᠢᠵᠠ ᠪᠣᠯᠣᠯᠴᠠᠳᠠᠭ ᠦᠬᠡᠢ ᠪᠠᠶᠢᠵᠠᠢ᠃ | | ᠬᠦᠤ᠂ ᠬᠡᠣᠬᠡᠨ ᠬᠤᠶᠠᠷ ᠲᠠᠯ᠎ᠠ ᠶᠢᠨ | ᠡᠵᠢ ᠠᠪᠤ ᠵᠦᠪᠰᠢᠶᠡᠷᠡᠭᠰᠡᠨ ᠪᠠᠶᠢᠬᠤ ᠬᠡᠷᠡᠭᠳᠡᠢ᠃ | ᠡᠷᠲᠡ ᠲᠡᠭᠡᠳᠦ ᠦᠶ᠎ᠡ ᠳᠤ ᠣᠷᠤᠭ ᠲᠦᠷᠦᠯ ᠤᠨ | ᠬᠠᠷᠢᠴᠠᠭᠠᠨ ᠳᠤ ᠰᠠᠶᠢᠨ ᠲᠣᠷ᠎ᠠ ᠶᠢᠨ ᠣᠷᠤᠭ | ᠭᠡᠵᠣ ᠪᠠᠶᠢᠭᠰᠠᠨ ᠦᠬᠡᠢ᠃ ᠡᠴᠢᠭᠡ ᠬᠠᠭᠠᠨ | ᠨᠣᠶᠠᠳ᠂ ᠬᠠᠷᠢᠶ᠎ᠠ ᠰᠣᠮᠣ᠂ ᠠᠪᠤ ᠡᠵᠢ ᠨᠢ | ᠡᠵᠡᠨ ᠮᠡᠳᠡᠵᠣ ᠪᠠᠶᠢᠭᠰᠠᠨ ᠪᠠᠶᠢᠵᠠᠢ᠃ ᠲᠡᠶᠢᠮᠣ | ᠠᠴᠠ ᠣᠷᠤᠭ ᠬᠤᠷᠢᠮ ᠢᠶᠠᠨ ᠭᠢᠭᠰᠡᠨ ᠤ ᠲᠠᠷᠠᠭ᠎ᠠ | ᠢᠨᠠᠭ ᠲᠣᠷᠠᠯᠠᠯ ᠢᠶᠠᠨ ᠬᠦᠮᠦᠵᠢᠭᠦᠯᠲᠡᠭ ᠪᠠᠶᠢᠨ᠎ᠠ᠃ | | ᠬᠠᠷᠢ ᠦᠨᠳᠦᠰᠦᠳᠡᠨ ᠤ ᠬᠦᠮᠦᠨ ᠲᠠᠢ ᠣᠷᠤᠭ | ᠲᠦᠷᠦᠯ ᠪᠠᠶᠢᠭᠤᠯᠬᠤ ᠦᠬᠡᠢ᠃ ᠬᠠᠷᠢ | ᠦᠨᠳᠦᠰᠦᠳᠡᠨ ᠲᠠᠢ ᠣᠷᠣᠭᠯᠠᠪᠠᠯ ᠣᠳᠣᠮ | ᠣᠭᠰᠠᠭ᠎ᠠ ᠪᠠᠨ ᠭᠤᠲᠣᠭᠠᠵᠣ᠂ ᠭᠠᠯ ᠭᠤᠯᠣᠮᠲᠠ | ᠪᠠᠨ ᠪᠣᠵᠠᠷᠯᠠᠯᠠ ᠭᠡᠮᠡᠨ ᠭᠡᠷ ᠲᠡᠭᠡᠨ ᠣᠷᠣᠭᠤᠯᠳᠠᠭ | ᠦᠬᠡᠢ᠃ ᠲᠦᠷᠦᠭᠰᠡᠨ ᠠᠪᠤ ᠡᠵᠢ ᠨᠢ ᠴᠣ᠋ | ᠪᠦᠬᠦᠳᠡ ᠶᠢᠨ ᠵᠢᠮᠠᠯᠠᠯ ᠢᠶᠠᠨ ᠣᠯᠣᠨ᠎ᠠ᠃ ᠲᠡᠶᠢᠮᠣ | ᠠᠴᠠ ᠣᠰᠣ ᠲᠦᠯᠡᠭᠡᠨ ᠤ ᠣᠶᠢᠷ᠎ᠠ ᠰᠠᠶᠢᠨ | ᠣᠷᠤᠭ ᠲᠦᠷᠦᠯ ᠤᠨ ᠬᠤᠯᠠ ᠰᠠᠶᠢᠨ ᠭᠡᠳᠡᠭ | ᠪᠣᠯᠪᠠᠴᠣ ᠦᠬᠡ ᠨᠢᠭᠡ ᠣᠭᠰᠠᠭ᠎ᠠ ᠦᠨᠳᠦᠰᠦᠳᠡᠨ | ᠲᠠᠢ ᠪᠠᠨ ᠣᠷᠤᠭ ᠲᠦᠷᠦᠯ ᠤᠨ ᠬᠠᠷᠢᠴᠠᠭ᠎ᠠ | ᠪᠠᠶᠢᠭᠤᠯᠬᠤ ᠶᠢ ᠡᠷᠬᠢᠮᠯᠡᠳᠡᠭ ᠪᠡᠶᠢᠪᠡ᠃ | ᠭᠤᠷᠪᠠ᠂ ᠨᠠᠰᠣ ᠵᠢᠯ ᠤᠨ ᠬᠠᠷᠢᠴᠠᠭ᠎ᠠ | ᠡᠷᠡᠭᠳᠡᠢ ᠡᠮᠡᠭᠳᠡᠢ ᠶᠢᠨ ᠨᠠᠰᠣ ᠬᠠᠷᠢᠯᠴᠠᠨ | ᠣᠶᠢᠷᠠᠯᠴᠠᠭ᠎ᠠ ᠪᠠᠶᠢᠳᠠᠭ᠃ ᠬᠡᠤᠬᠡᠨ ᠬᠦᠮᠦᠨ ᠤ | ᠪᠡᠷᠢ ᠪᠣᠯᠬᠤ ᠨᠠᠰᠣ ᠨᠢ ᠠᠷᠪᠠᠨ ᠲᠣᠯᠣᠭᠠᠨ | ᠨᠠᠰᠣᠨ ᠠᠴᠠ ᠬᠤᠷᠢᠨ ᠨᠢᠭᠡᠨ ᠨᠠᠰᠣ ᠪᠣᠯᠣᠨ᠎ᠡ᠃ | ᠬᠦᠪᠡᠭᠦᠨ ᠬᠦᠮᠦᠨ ᠤ ᠪᠡᠷᠢ ᠠᠪᠬᠤ ᠨᠠᠰᠣ | ᠠᠷᠪᠠᠨ ᠨᠠᠢᠮᠠᠨ ᠨᠠᠰᠣᠨ ᠠᠴᠠ ᠬᠤᠷᠢᠨ ᠲᠠᠪᠣᠨ | ᠨᠠᠰᠣ᠃ ᠬᠡᠣᠬᠡᠨ ᠬᠦᠮᠦᠨ ᠬᠤᠷᠢᠨ ᠨᠢᠭᠡᠨ | ᠨᠠᠰᠣᠨ ᠠᠴᠠ ᠲᠡᠭᠡᠭᠰᠢ᠂ ᠬᠦᠪᠡᠭᠦᠨ ᠬᠦᠮᠦᠨ | ᠬᠤᠷᠢᠨ ᠲᠠᠪᠣᠨ ᠨᠠᠰᠣᠨ ᠠᠴᠠ ᠲᠡᠭᠡᠭᠰᠢ ᠡᠷ᠎ᠡ | ᠡᠮ᠎ᠡ ᠶᠢᠨ ᠬᠤᠯᠪᠣᠭ᠎ᠠ ᠦᠬᠡᠢ ᠪᠣᠯ ᠬᠦᠭ ᠠᠴᠠ | ᠭᠡᠳᠦᠷᠡᠵᠣ ᠢᠳᠡᠷ ᠴᠠᠭ ᠭᠡᠵᠣ ᠦᠵᠡᠨ᠎ᠡ᠃ | ᠣᠷᠤᠭ ᠬᠤᠷᠢᠮ ᠪᠣᠯᠣᠯᠴᠠᠬᠤ ᠳᠤ ᠡᠷ᠎ᠡ | ᠬᠦᠮᠦᠨ ᠨᠠᠰᠣ ᠠᠬ᠎ᠠ ᠪᠠᠶᠢᠵᠣ᠂ ᠡᠮ᠎ᠡ ᠬᠦᠮᠦᠨ | ᠨᠠᠰᠣ ᠲᠡᠭᠦᠤ ᠶᠠᠪᠣᠨ᠎ᠠ᠃ ᠪᠣᠷᠬᠠᠨ ᠭᠡᠭᠡᠨ ᠤ | ᠬᠦᠮᠦᠨ ᠡᠷᠭᠡᠳᠡᠨ ᠢ ᠨᠣᠮᠯᠠᠭᠰᠠᠨ ᠰᠣᠳᠣᠷ ᠲᠤ ︽ | ᠦᠬᠢᠨ ᠬᠦᠮᠦᠨ ᠤ ᠮᠠᠬᠠᠪᠣᠳ ᠪᠦᠳᠦᠬᠦ ᠴᠠᠭ | ᠠᠷᠪᠠᠨ ᠭᠤᠷᠪᠠᠨ ᠣᠨ ᠲᠦᠷᠦᠭᠡᠨ ᠰᠠᠷ᠎ᠠ ᠡᠳᠦᠷ | ᠪᠣᠯᠪᠠᠰᠣ ᠴᠢᠰᠦᠨ ᠲᠠᠮᠢᠷ ᠪᠦᠳᠦᠭᠡᠯ ᠪᠣᠯᠣᠮᠣᠢ᠃ | ᠬᠦᠪᠡᠭᠦᠨ ᠬᠦᠮᠦᠨ ᠤ ᠮᠠᠬᠠᠪᠣᠳ ᠪᠦᠳᠦᠬᠦ ᠴᠠᠭ | ᠠᠷᠪᠠᠨ ᠲᠠᠪᠣᠨ ᠣᠨ ᠲᠦᠷᠦᠭᠡᠨ ᠰᠠᠷ᠎ᠠ ᠡᠳᠦᠷ | ᠪᠣᠯᠪᠠᠰᠣ ᠲᠠᠮᠢᠷ ᠴᠢᠮᠦᠭᠡ ᠪᠦᠷᠢᠳᠪᠡᠢ᠃ ᠠᠮᠢᠳᠠᠨ | ᠤ ᠡᠷᠭᠡᠳᠡᠨ ᠤ ᠪᠦᠳᠦᠵᠣ ᠢᠷᠡᠬᠦ ᠣᠭ | ᠪᠦᠷᠢᠳᠭᠡᠯ ᠭᠦᠢᠴᠡᠳᠬᠡᠯ ᠰᠠᠷ᠎ᠠ ᠡᠳᠦᠷ ᠤᠨ | ᠬᠡᠮᠵᠢᠶ᠎ᠡ ᠪᠠᠷ ᠪᠣᠳᠣᠵᠣ᠂ ᠶᠢᠷᠳᠢᠨᠴᠣ ᠶᠢᠨ | ᠬᠦᠮᠦᠨ ᠠᠮᠢᠳᠠᠨ ᠤ ᠡᠷ᠎ᠡ ᠡᠮ᠎ᠡ ᠬᠤᠯᠪᠣᠬᠤ | ᠬᠡᠮᠵᠢᠶ᠎ᠡ ᠶᠢ ᠲᠣᠬᠢᠶᠠᠯᠳᠣᠭᠤᠯᠵᠣ ᠬᠦᠪᠡᠬᠦᠨ | ᠠᠷᠪᠠᠨ ᠲᠠᠪᠣᠨ ᠨᠠᠰᠣᠨ ᠬᠦᠷᠪᠡᠰᠦ ᠰᠠᠶ᠋ᠢ | ᠴᠢᠰᠣᠨ ᠲᠠᠮᠢᠷ ᠴᠢᠮᠦᠭᠡ ᠪᠦᠷᠢᠳᠬᠦ ᠲᠣᠯᠠ | ᠠᠷᠪᠠᠨ ᠨᠠᠢᠮᠠᠨ ᠨᠠᠰᠣᠯᠪᠠᠰᠣ ᠡᠷ᠎ᠡ ᠪᠣᠯᠣᠭᠰᠠᠨ | ᠲᠤᠭ᠎ᠠ ᠳᠤ ᠣᠷᠣᠭᠤᠯᠮᠣᠢ᠃ ᠦᠬᠢᠨ ᠬᠦᠮᠦᠨ | ᠠᠷᠪᠠᠨ ᠭᠤᠷᠪᠠᠨ ᠨᠠᠰᠣᠯᠪᠠᠰᠣ ᠰᠠᠶ᠋ᠢ ᠴᠢᠰᠦᠨ | ᠲᠠᠮᠢᠷ ᠪᠦᠷᠢᠳᠬᠦ ᠲᠣᠯᠠ ᠠᠷᠪᠠᠨ ᠲᠣᠯᠣᠭᠠᠨ | ᠨᠠᠰᠣᠯᠪᠠᠰᠣ ᠡᠬᠡᠨᠡᠷ ᠤᠨ ᠲᠤᠭ᠎ᠠ ᠳᠤ | ᠣᠷᠣᠭᠤᠯᠵᠣ ᠪᠣᠯᠣᠮᠣᠢ︾ ᠭᠡᠵᠡᠢ᠃ ᠪᠣᠷᠬᠠᠨ | ᠭᠡᠭᠡᠨ ᠤ ᠰᠣᠳᠣᠷ ᠤᠨ ᠶᠣᠰᠣᠨ ᠢᠶᠠᠷ ᠶᠡᠷᠦ | ᠳᠡᠭᠡᠨ ᠬᠠᠩᠬᠢᠨ ᠮᠣᠩᠭᠤᠯᠴᠣᠳ ᠡᠷ᠎ᠡ ᠡᠮ᠎ᠡ | ᠬᠤᠯᠪᠣᠬᠤ ᠨᠠᠰᠣ ᠶᠢ ᠡᠷ᠎ᠡ ᠠᠷᠪᠠᠨ ᠨᠠᠢᠮᠠ᠂ | ᠡᠮ᠎ᠡ ᠠᠷᠪᠠᠨ ᠲᠣᠯᠤᠭ᠎ᠠ ᠭᠡᠵᠣ ᠣᠷᠤᠭ | ᠪᠠᠷᠢᠯᠳᠣᠭᠤᠯᠳᠠᠭ ᠪᠠᠶᠢᠨ᠎ᠠ᠃ | ᠬᠦᠪᠡᠭᠦᠨ ᠬᠦᠮᠦᠨ ᠨᠠᠰᠣ ᠶᠡᠭᠡ ᠪᠣᠯᠵᠣ | ᠪᠡᠷᠢ ᠠᠪᠣᠭᠠᠳᠣᠢ ᠪᠣᠯ ᠴᠠᠭᠠᠨ ᠬᠦᠪᠡᠬᠦᠨ ᠭᠡᠨ᠎ᠡ᠃ | ᠬᠡᠤᠬᠡᠨ ᠬᠦᠮᠦᠨ ᠨᠠᠰᠣ ᠶᠡᠭᠡ ᠪᠣᠯᠵᠣ ᠬᠦᠷᠭᠡᠨ | ᠳᠤ ᠭᠠᠷᠣᠭᠰᠠᠨ ᠦᠬᠡᠢ ᠪᠣᠯ ᠣᠯᠠᠭᠠᠨ ᠦᠬᠢᠨ | ᠭᠡᠨ᠎ᠡ᠃ | ᠡᠷ᠎ᠡ ᠬᠦᠮᠦᠨ ᠨᠢᠭᠡ ᠨᠠᠰᠣ ᠪᠠᠷ ᠢᠶᠠᠨ | ᠡᠮ᠎ᠡ ᠠᠪᠣᠭᠰᠠᠨ ᠦᠬᠡᠢ ᠪᠤᠯ ᠭᠠᠨᠢ ︵ᠭᠤᠣᠨᠢ︶ | ᠡᠷ᠎ᠡ ᠭᠡᠵᠣ᠂ ᠦᠬᠢᠨ ᠬᠦᠮᠦᠨ ᠨᠢᠭᠡ ᠨᠠᠰᠣ ᠪᠠᠷ | ᠢᠶᠠᠨ ᠭᠦᠷᠭᠡᠨ ᠳᠤ ᠭᠠᠷᠣᠭᠰᠠᠨ ᠦᠬᠡᠢ ᠪᠤᠯ | ᠮᠦᠴᠢᠳ ᠦᠬᠢᠨ ᠭᠡᠵᠣ ᠲᠠᠭᠤᠳᠠᠨ᠎ᠠ᠃ ᠲᠡᠶᠢᠮᠣ | ᠠᠴᠠ ᠪᠠᠨ ᠬᠡᠣᠬᠡᠨ ᠬᠦᠮᠦᠨ ᠤ ᠦᠩᠭᠡ ᠲᠠᠢ᠂ | ᠲᠠᠯ᠎ᠠ ᠲᠠᠢ ᠰᠠᠶᠢᠨ ᠰᠠᠶᠢᠬᠠᠨ ᠨᠠᠰᠣ ᠭᠡᠵᠣ | ᠠᠷᠪᠠᠨ ᠲᠠᠪᠤ ᠲᠡᠭᠡᠷ᠎ᠡ ᠪᠠᠨ ᠬᠤᠷᠢᠮᠯᠠᠨ᠎ᠠ᠃ | ᠲᠣᠮᠳᠠ ᠵᠡᠷᠭᠡ ᠬᠡᠣᠬᠡᠨ ᠨᠢ ᠠᠷᠪᠠᠨ ᠲᠣᠯᠣᠭᠠᠨ | ᠨᠠᠰᠣ ᠬᠦᠷᠪᠡᠯ ᠬᠤᠷᠢᠮᠯᠠᠨ᠎ᠠ᠃ ᠬᠡᠣᠬᠡᠨ ᠬᠦᠮᠦᠨ | ᠲᠡᠭᠡᠭᠡᠳ ᠠᠷᠪᠠ ᠶᠢᠰᠦᠨ ᠨᠠᠰᠣ ᠬᠦᠷᠦᠭᠡᠳ | ᠡᠷᠡᠭᠳᠡᠢ ᠬᠦᠮᠦᠨ ᠠᠰᠠᠭᠤᠵᠣ ᠰᠣᠷᠠᠭᠰᠠᠨ ᠦᠬᠡᠢ | ᠪᠤᠯ ᠬᠦᠭᠰᠢᠨ ᠬᠡᠣᠬᠡᠨ ᠭᠡᠵᠣ ᠦᠵᠡᠳᠡᠭ ᠠᠴᠠ | ᠠᠷᠪᠠ ᠶᠢᠰᠦ ᠠᠴᠠ ᠬᠤᠷᠢᠨ ᠨᠠᠰᠣᠨ ᠲᠡᠭᠡᠷ᠎ᠡ ᠨᠢ | ᠪᠢᠳᠡᠬᠦᠤ ᠰᠦᠨᠢ ᠰᠢᠷᠪᠢᠭᠦᠯᠵᠣ᠂ ᠰᠢᠨ᠎ᠡ ᠶᠢᠨ | ᠨᠢᠭᠡᠨ ᠤ ᠦᠷᠯᠦᠬᠡ ᠡᠷᠲᠡ ᠲᠠᠷᠣᠭᠤᠯᠭᠠ ᠵᠡᠭᠦᠭᠡ | ᠵᠢᠮᠰᠡᠭ ᠢ ᠨᠢ ᠵᠡᠭᠦᠯᠭᠡᠵᠣ᠂ ᠣᠭᠤᠷ ᠮᠠᠨᠴᠣ᠂ | ᠰᠢᠷᠪᠢᠬᠦᠯ ᠵᠡᠷᠭᠡ ᠶᠢᠨ ᠠᠮᠢ ᠦᠬᠡᠢ ᠪᠣᠳᠠᠰ ᠲᠤ | ᠨᠡᠷ᠎ᠡ ᠵᠢᠭᠠᠨ᠎ᠠ᠃ ᠨᠡᠷ᠎ᠡ ᠵᠢᠭᠠᠭᠰᠠᠨ ᠤ ᠲᠠᠷᠠᠭ᠎ᠠ | ᠰᠢᠨ᠎ᠡ ᠪᠡᠷᠢ ᠭᠡᠮᠡᠨ ᠲᠠᠷᠣᠭᠤᠯᠭᠠ ᠵᠡᠭᠦᠭᠡ ᠲᠠᠢ | ᠴᠠᠭᠠᠨ ᠰᠠᠷ᠎ᠠ ᠶᠢᠨ ᠰᠢᠨ᠎ᠡ ᠶᠢᠨ ᠨᠢᠭᠡᠨ ᠳᠤ | ᠠᠶᠢᠯᠴᠢᠯᠠᠵᠣ ᠰᠢᠨᠡᠯᠡᠭᠡᠳ ᠪᠦᠭᠦᠳᠡ ᠲᠦᠷᠦᠯ | ᠰᠠᠳᠣᠨ ᠳᠠᠭᠠᠨ ᠮᠡᠳᠡᠭᠳᠡᠭ ᠰᠠᠨ᠃ | ᠲᠦᠷᠪᠡ᠂ ᠦᠨᠳᠡᠭᠡᠨ ᠰᠦᠢ᠂ ᠦᠯᠦᠭᠡᠢ | ᠰᠦᠢ ᠲᠣᠭᠳᠠᠬᠤ | ᠦᠨᠳᠡᠭᠡᠨ ᠰᠦᠢ ᠲᠣᠭᠳᠠᠬᠤ ᠭᠡᠳᠡᠭ | ᠪᠣᠯ ᠲᠦᠷᠦᠬᠦ ᠠᠴᠠ ᠡᠮᠦᠨ᠎ᠡ ᠬᠦᠯ ᠬᠦᠨᠳᠣ ︵ | ᠲᠠᠪᠬᠤᠷ︶ ᠲᠠᠢ ᠪᠠᠶᠢᠬᠤ ᠳᠤ ᠬᠤᠶᠠᠷ ᠲᠠᠯ᠎ᠠ ᠶᠢᠨ | ᠠᠪᠤ ᠡᠵᠢ ᠨᠢ ᠰᠠᠶᠢᠨ ᠲᠣᠷ᠎ᠠ ᠠᠴᠠ ᠪᠠᠨ ᠬᠤᠳᠠ | ᠲᠦᠷᠦᠯ ᠪᠠᠶᠢᠭᠤᠯᠵᠣ᠂ ᠬᠡᠣᠬᠡᠳ ᠨᠢ ᠡᠷ᠎ᠡ ᠶᠢᠨ | ᠵᠡᠷᠭᠡ ᠳᠤ ᠬᠦᠷᠦᠭᠰᠡᠨ ᠤ ᠬᠤᠶᠢᠨ᠎ᠠ ᠣᠷᠤᠭ | ᠲᠦᠷᠦᠯ ᠤᠨ ᠬᠠᠷᠢᠴᠠᠭ᠎ᠠ ᠶᠢ ᠪᠠᠶᠢᠭᠤᠯᠬᠤ ᠪᠠᠷ | ᠪᠣᠯᠵᠣᠳᠠᠭ ᠶᠣᠰᠣ ᠵᠢᠷᠦᠮ ᠪᠣᠯᠣᠨ᠎ᠠ᠃ | ᠦᠨᠳᠡᠭᠡᠨ ᠰᠦᠢ ᠲᠣᠭᠳᠠᠬᠤ ᠳᠤ ᠬᠤᠶᠠᠷ ᠠᠶᠢᠯ | ᠤᠨ ᠬᠠᠷᠢᠴᠠᠭ᠎ᠠ ᠬᠤᠯᠪᠣᠭ᠎ᠠ ᠣᠨᠴᠠ ᠰᠠᠶᠢᠨ | ᠪᠠᠶᠢᠬᠤ ᠪᠦᠭᠡᠳ ᠬᠠᠷᠢᠯᠴᠠᠨ ᠬᠦᠨᠳᠦᠯᠡᠵᠣ᠂ | ᠬᠠᠷᠢᠯᠴᠠᠨ ᠨᠢᠭᠡ ᠨᠢᠭᠡ ᠪᠠᠨ ᠢᠳᠡᠭᠡᠵᠣ | ᠶᠠᠪᠣᠭᠰᠠᠨ ᠣᠷᠢᠳᠠᠯ ᠲᠣᠣᠷ᠎ᠠ ᠲᠣᠭᠳᠠᠳᠠᠭ ᠶᠣᠮ᠃ | ᠲᠠᠷᠣᠢ ᠦᠨᠳᠡᠭᠡᠨ ᠰᠦᠢ ᠲᠣᠭᠳᠠᠭᠰᠠᠨ ᠲᠡᠷᠡ | ᠡᠳᠦᠷ ᠠᠴᠠ ᠪᠠᠨ ᠡᠬᠢᠯᠡᠨ ᠬᠤᠶᠠᠷ ᠠᠶᠢᠯ | ᠬᠤᠭᠤᠷᠣᠨᠳᠣ ᠪᠠᠨ ᠣᠷᠤᠭ ᠲᠦᠷᠦᠯ | ᠪᠠᠶᠢᠭᠤᠯᠣᠭᠰᠠᠨ ᠢᠶᠠᠷ ᠲᠣᠭᠠᠴᠠᠵᠣ᠂ ᠬᠤᠳᠠ | ᠲᠦᠷᠦᠯ ᠤᠨ ᠬᠠᠷᠢᠴᠠᠭ᠎ᠠ ᠪᠠᠷ ᠶᠠᠪᠣᠯᠴᠠᠳᠠᠭ᠃ | ᠬᠦᠪᠡᠭᠦᠨ ᠲᠠᠯ᠎ᠠ ᠶᠢᠨ ᠬᠢᠨ ᠬᠡᠵᠢᠶᠡᠳᠡ ᠬᠤᠳᠠ | ᠬᠤᠳᠠᠭᠤᠢ ᠪᠠᠨ ᠡᠷᠬᠢᠨ ᠣᠴᠢᠵᠣ᠂ ᠶᠡᠭᠡ ᠪᠠᠭ᠎ᠠ | ᠴᠣ᠋ ᠭᠡᠰᠡᠨ ᠪᠡᠷᠢ ᠪᠣᠯᠬᠤ ᠬᠡᠣᠬᠡᠨ ᠳᠡᠭᠡᠨ | ᠡᠮᠦᠰᠭᠡᠯ ᠤᠨ ᠬᠤᠷᠭᠤᠢ ᠲᠣᠷᠳᠣᠩ ᠭᠦᠷᠭᠡᠵᠣ | ᠦᠭᠳᠡᠭ᠃ ᠣᠷᠤᠭ ᠬᠤᠷᠢᠮ ᠬᠢᠬᠦ ᠪᠣᠯᠳᠠᠯ᠎ᠠ | ᠣᠨᠴᠠ ᠶᠢᠨ ᠣᠴᠢᠷ ᠶᠠᠪᠣᠳᠠᠯ ᠲᠣᠬᠢᠶᠠᠯᠳᠣᠵᠣ᠂ | ᠬᠠᠶᠠ ᠨᠢᠭᠡ ᠬᠤᠶᠠᠷ ᠨᠢ ᠪᠣᠴᠠᠳᠠᠭ ᠪᠣᠯᠪᠠᠴᠣ | ᠦᠨᠳᠡᠭᠡᠨ ᠰᠦᠢ ᠪᠣᠯᠵᠣᠭᠰᠠᠨ ᠢᠶᠠᠨ ᠲᠠᠬᠢᠵᠣ | ᠪᠣᠴᠠᠭᠠᠬᠤ ᠨᠢ ᠲᠣᠩ ᠬᠤᠪᠣᠷ ᠪᠣᠢ᠃ ᠭᠡᠭᠦ ᠳᠤ | ᠬᠤᠶᠠᠷ ᠲᠠᠯ᠎ᠠ ᠶᠢᠨ ᠪᠦᠰᠡᠭᠦᠢ ᠪᠦᠷ ᠬᠦᠪᠡᠭᠦᠨ | ᠬᠡᠣᠬᠡᠨ ᠲᠦᠷᠦᠪᠡᠯ ᠲᠡᠳᠡ ᠬᠤᠶᠠᠭᠤᠯᠠ ᠶᠢ | ᠲᠩᠷᠢ ᠳᠤ ᠮᠦᠷᠭᠦᠭᠦᠯᠵᠣ ᠠᠬ᠎ᠠ ᠲᠡᠭᠦᠣ ᠪᠣᠶᠣ | ᠡᠭᠡᠴᠢ ᠲᠡᠭᠦᠤ ᠪᠠᠷᠢᠯᠳᠣᠭᠤᠯᠳᠠᠭ ᠶᠣᠮ᠃ ᠡᠨᠡ | ᠨᠢ ᠲᠩᠷᠢ ᠶᠢᠨ ᠬᠡᠰᠢᠭ ᠢᠶᠠᠷ ᠪᠣᠯᠵᠣᠭᠰᠠᠨ | ᠦᠨᠳᠡᠭᠡᠨ ᠰᠦᠢ ᠶᠢᠨ ᠠᠬ᠎ᠠ ᠲᠡᠭᠦᠤ ︵ᠡᠭᠡᠴᠢ | ᠲᠡᠭᠦᠤ︶ ᠭᠡᠮᠡᠨ ᠬᠦᠨᠳᠦᠯᠡᠵᠣ ᠶᠡᠪᠣᠳᠠᠭ ᠨᠠᠶᠢᠵᠠ | ᠶᠣᠮ᠃ | ᠦᠯᠦᠭᠡᠢ ᠰᠦᠢ ᠭᠡᠳᠡᠭ ᠨᠢ ᠬᠤᠶᠠᠷ | ᠠᠶᠢᠯ ᠬᠤᠭᠤᠷᠣᠨᠳᠣ ᠪᠠᠨ ᠲᠦᠷᠦᠯ ᠪᠣᠰᠣ ᠰᠠᠶᠢᠨ | ᠠᠨᠳᠠ ᠲᠡᠭᠦᠤ ᠣᠯᠣᠰ᠂ ᠰᠠᠶᠢᠨ ᠨᠠᠶᠢᠵᠠ ᠠᠶᠢᠯ | ᠰᠠᠭᠠᠬᠠᠯᠲᠠ ᠣᠯᠣᠰ ᠬᠤᠭᠤᠷᠣᠨᠳᠣ ᠪᠠᠨ | ᠲᠦᠷᠦᠭᠰᠡᠨ ᠦᠯᠦᠭᠡᠢ ᠲᠠᠢ ᠬᠦᠪᠡᠭᠦᠨ ᠢᠶᠠᠨ ︽ | ᠬᠦᠦ ᠪᠠᠨ ᠴᠢᠮ᠎ᠠ ᠳᠤ ᠭᠦᠷᠭᠡᠨ ᠪᠣᠯᠭᠠᠶ᠎ᠠ︾ | ᠭᠡᠪᠡᠯ ᠨᠦᠬᠦᠭᠡᠳᠡᠬᠢ ᠨᠢ ︽ᠬᠡᠣᠭᠡᠨ ᠢᠶᠠᠨ ᠴᠢᠮ᠎ᠠ | ᠳᠤ ᠪᠡᠷᠢ ᠪᠣᠯᠭᠠᠵᠣ ᠦᠭᠬᠦᠶ᠎ᠡ︾ ᠭᠡᠵᠣ ᠬᠤᠶᠠᠷ | ᠭᠡᠷ ᠤᠨ ᠠᠪᠤ ᠡᠵᠢ ᠲᠦᠷᠪᠡᠭᠦᠯᠡ ᠶᠠᠷᠢᠯᠴᠠᠨ | ᠲᠣᠭᠳᠠᠳᠠᠭ᠃ ᠬᠡᠣᠬᠡᠳ ᠦᠰᠦᠭᠡᠳ ᠵᠢᠷᠦᠮ | ᠶᠣᠰᠣᠭᠠᠷ ᠣᠷᠤᠭ ᠲᠦᠷᠦᠯ ᠪᠠᠷᠢᠯᠳᠣᠵᠣ᠂ | ᠬᠤᠷᠢᠮ ᠨᠠᠶᠢᠷ ᠬᠢᠬᠦ ᠶᠢ ︽ᠦᠯᠦᠭᠡᠢ ᠰᠦᠢ︾ | ᠭᠡᠳᠡᠭ ᠶᠣᠮ᠃ ᠦᠨᠳᠡᠭᠡᠨ ᠰᠦᠢ ᠶᠢᠨ ᠬᠤᠶᠠᠷ | ᠠᠶᠢᠯ ᠡᠷᠦᠬᠡ ᠶᠢᠨ ᠶᠠᠪᠣᠴᠠ ᠵᠢᠷᠣᠮ ᠨᠢ | ᠦᠨᠳᠦᠰᠦᠨ ᠳᠡᠭᠡᠨ ᠣᠶᠢᠷᠠᠯᠴᠠᠭ᠎ᠠ ᠪᠠᠶᠢᠳᠠᠭ᠃ | ᠲᠠᠪᠤ᠂ ᠠᠮᠠᠨ ᠰᠦᠢ ᠲᠣᠭᠳᠠᠬᠤ ︵ | ᠲᠠᠯᠪᠢᠬᠤ︶ | ᠣᠷᠳᠣᠰ ᠤᠨ ᠬᠠᠩᠬᠢᠨ ᠳᠤ ︽ᠠᠮᠠ | ᠨᠡᠭᠡᠭᠡᠬᠦ ᠬᠠᠳᠠᠭ ᠲᠠᠳᠠᠬᠤ︾ ᠭᠡᠵᠣ ᠬᠡᠯᠡᠳᠡᠭ᠃ | ᠪᠠᠰᠠ ᠬᠡᠣᠬᠡᠨ ᠢᠶᠠᠨ ︽ᠲᠠᠯ᠎ᠠ ᠭᠠᠷᠣᠯ᠎ᠠ︾ ᠭᠡᠵᠣ | ᠬᠡᠯᠡᠬᠦ ᠶᠣᠰᠣ ᠪᠣᠢ᠃ ︽ᠦᠨᠳᠡᠭᠡᠨ ᠰᠦᠢ᠂ | ᠦᠯᠦᠭᠡᠢ ᠰᠦᠢ︾ ᠲᠣᠭᠳᠠᠭᠰᠠᠨ ᠦᠬᠡᠢ ᠬᠡᠣᠬᠡᠨ | ᠳᠤ ᠪᠣᠯ ︽ᠠᠮᠠᠨ ᠰᠦᠢ︾ ᠲᠣᠭᠳᠠᠬᠤ ᠶᠣᠰᠣ | ᠵᠢᠷᠦᠮ ᠢ ᠬᠦᠢᠴᠡᠳᠬᠡᠨ᠎ᠡ᠃ ᠬᠦᠪᠡᠭᠦᠨ ᠲᠠᠯ᠎ᠠ | ᠶᠢᠨ ᠬᠢᠨ ᠶᠠᠮᠠᠷ ᠨᠢᠭᠡ ᠠᠶᠢᠯ ᠤᠨ ᠬᠡᠣᠬᠡᠨ ᠢ | ᠦᠵᠡᠵᠣ ᠲᠣᠭᠤᠭᠰᠠᠨ︔ ᠦᠬᠡᠷ᠎ᠡ ᠪᠣᠰᠣᠳ ᠤᠨ | ᠲᠠᠨᠢᠯᠴᠠᠭᠤᠯᠭ᠎ᠠ ᠪᠠᠷ ᠬᠡᠯᠡᠯᠴᠡᠵᠣ ᠣᠯᠣᠯᠴᠠᠭᠰᠠᠨ | ᠤ ᠲᠠᠷᠠᠭ᠎ᠠ᠂ ᠬᠡᠣᠬᠡᠨ ᠲᠠᠯ᠎ᠠ ᠶᠢᠨ ᠠᠪᠤ ᠡᠵᠢ ᠳᠤ | ᠮᠡᠳᠡᠭᠳᠡᠵᠣ᠂ ᠣᠷᠤᠭ ᠲᠦᠷᠦᠯ ᠪᠠᠶᠢᠭᠤᠯᠬᠤ ᠪᠠᠷ | ︽ᠠᠮᠠ ᠨᠡᠭᠡᠭᠡᠬᠦ︾ ᠲᠣᠰᠬᠠᠢ ᠨᠢᠭᠡᠨ ᠡᠯᠢᠭᠡ | ᠪᠦᠳᠦᠨ ᠠᠮᠠ ᠬᠡᠯᠡ ᠳᠡᠭᠡᠨ ᠣᠷᠠᠨ᠂ ᠬᠤᠷᠢᠮ | ᠤᠨ ᠶᠣᠰᠣ ᠣᠴᠢᠷ ᠢ ᠰᠠᠶᠢᠨ ᠮᠡᠳᠡᠳᠡᠭ᠂ ᠬᠤᠶᠠᠷ | ᠲᠠᠯ᠎ᠠ ᠶᠢᠨ ᠲᠦᠷᠦᠯ ᠢ ᠬᠤᠯᠪᠣᠵᠣ ᠲᠡᠶᠢᠯᠬᠦ | ᠴᠢᠳᠠᠪᠣᠷᠢᠳᠠᠢ ᠬᠦᠮᠦᠨ ᠢ ᠰᠣᠩᠭᠤᠵᠣ ᠵᠠᠭᠤᠴᠢ | ᠪᠣᠯᠭᠠᠨ ᠣᠷᠢᠳᠠᠭ᠃ | ᠵᠠᠭᠤᠴᠢ ᠶᠢᠨ ᠬᠦᠮᠦᠨ ᠭᠤᠣᠯᠳᠠᠭᠤ | ᠬᠦᠪᠡᠬᠦᠨ ᠲᠠᠯ᠎ᠠ ᠶᠢᠨ ᠠᠪᠤ ᠡᠵᠢ ᠶᠢᠨ ᠬᠢᠨᠢ | ᠰᠠᠨᠠᠭ᠎ᠠ ᠶᠢ ᠦᠨᠳᠦᠰᠦᠯᠡᠵᠣ᠂ ᠣᠷᠤᠭ ᠲᠦᠷᠦᠯ | ᠪᠠᠶᠢᠭᠤᠯᠬᠤ ᠪᠠᠷ ᠬᠦᠷᠭᠡᠨ ᠵᠠᠯᠠᠭᠤ ᠪᠠᠨ | ᠲᠠᠭᠠᠭᠤᠯᠵᠣ ᠰᠠᠷ᠎ᠠ ᠶᠢᠨ ᠰᠠᠶᠢᠨ ᠡᠳᠦᠷ ᠤᠨ | ᠦᠯᠵᠡᠢ ᠳᠤ ᠴᠠᠭᠠᠨ ᠢᠳᠡᠭᠡᠨ ᠤ ᠰᠠᠪᠠ ᠰᠠᠭᠠᠯᠢ | ᠪᠠ ᠴᠠᠢ ᠵᠢᠩᠰᠡ ᠵᠢᠷᠭᠤᠭᠠᠨ ᠪᠣᠭᠤᠷᠰᠤᠭ ᠲᠠᠢ᠂ | ᠪᠡᠯᠡᠭ ᠵᠡᠭᠦᠯᠭᠡ ᠬᠠᠳᠠᠭ ᠰᠠᠮᠪᠠᠢ ᠲᠠᠢ ᠠᠮᠠᠨ | ᠰᠦᠢ ᠲᠣᠭᠳᠠᠬᠤ ᠪᠠᠷ ᠬᠦᠷᠳᠡᠭ᠃ | ᠵᠠᠭᠤᠴᠢ ᠶᠢᠨ ᠬᠦᠮᠦᠨ ᠵᠣᠷᠢᠭᠰᠠᠨ | ᠠᠶᠢᠯ ᠳᠠᠭᠠᠨ ᠣᠴᠢᠭᠠᠳ᠄ | ᠬᠠᠵᠠᠭᠤ ᠳᠤᠷ ᠣᠷᠭᠤᠭᠰᠠᠨ ᠬᠠᠶᠢᠯᠠᠰᠣ | ᠮᠣᠳᠣ ᠬᠠᠨ᠎ᠠ ᠣᠨᠢ ᠪᠣᠯᠵᠠᠢ | ᠬᠠᠷᠢ ᠶᠢᠨ ᠬᠡᠣᠬᠡᠨ ᠴᠣ᠋ ᠪᠠᠰᠠ ᠬᠠᠷᠢ | ᠳᠤ ᠦᠭᠬᠦᠮᠡᠷ ᠪᠣᠯᠵᠠᠢ | ᠣᠰᠣᠨ ᠳᠤᠷ ᠣᠷᠭᠤᠭᠰᠠᠨ ᠣᠳᠠ | ᠮᠣᠳᠣ | ᠨᠢᠷᠣᠭᠤ ᠲᠣᠯᠭᠠᠭᠤᠷᠢ ᠪᠣᠯᠵᠠᠢ | ᠣᠷᠤᠭ ᠤᠨ ᠬᠡᠣᠬᠡᠨ ᠴᠣ᠋ ᠪᠠᠰᠠ | ᠣᠷᠣᠭᠯᠠᠵᠣ ᠦᠭᠬᠦᠮᠡᠷ ᠪᠣᠯᠵᠠᠢ | ᠠᠩᠭ᠎ᠠ ᠪᠠᠭ᠎ᠠ ᠪᠠᠶᠢᠬᠤ ᠳᠠᠭᠠᠨ | ᠠᠮᠠᠨ ᠰᠦᠢ ᠲᠠᠢ ᠠᠳᠠᠯᠢ | ᠦᠯᠦᠭᠡᠢ ᠳᠤᠷ ᠪᠠᠶᠢᠬᠤ ᠳᠠᠭᠠᠨ | ᠥᠨᠳᠡᠭᠡᠨ ᠰᠦᠢ ᠲᠠᠢ ᠠᠳᠠᠯᠢ | ᠪᠣᠭᠤ ᠨᠠᠮᠨᠠᠭᠴᠢ ᠮᠠᠨ ᠤ ᠳᠤ ᠪᠠᠶᠢᠨ᠎ᠠ | ᠪᠣᠯᠠᠭ᠎ᠠ ᠵᠦᠢᠭᠡᠴᠢ ᠲᠠᠨ ᠤ ᠪᠠᠶᠢᠨ᠎ᠠ | ᠬᠤᠯᠠ ᠶᠢ ᠣᠶᠢᠷᠠᠳᠣᠭᠤᠯᠳᠠᠭ ᠮᠣᠷᠢᠨ | ᠡᠷᠳᠡᠨᠢ ᠪᠠᠷ | ᠬᠤᠶᠠᠷ ᠣᠷᠤᠭ ᠢ ᠣᠶᠢᠷᠠᠳᠣᠭᠤᠯᠳᠠᠭ | ᠬᠡᠣᠬᠡᠨ ᠡᠷᠳᠡᠨᠢ ᠶᠢ ᠭᠤᠶᠣᠵᠣ ᠢᠷᠡᠯ᠎ᠡ ᠬᠡᠮᠡᠨ | ᠡᠶᠡᠯᠳᠡᠭ ᠵᠦᠬᠡᠯᠡᠨ ᠦᠬᠡ ᠪᠠᠷ ᠡᠪᠯᠡᠬᠦᠨ | ᠡᠯᠬᠦᠵᠣ ᠬᠡᠯᠡᠬᠦ ᠲᠠᠢ ᠵᠡᠷᠭᠡ ᠠᠪᠤ ᠡᠵᠢ ᠳᠤᠨᠢ | ᠬᠠᠳᠠᠭ ᠲᠠᠳᠠᠳᠠᠭ᠃ ᠢᠷᠡᠭᠰᠡᠨ ᠦᠬᠡᠢ ᠭᠤᠣᠯ | ᠲᠦᠷᠦᠯ ᠪᠠᠶᠢᠪᠠᠯ ᠰᠠᠮᠪᠠᠢ ᠬᠠᠳᠠᠭ ᠢ ᠨᠢ | ᠦᠯᠡᠳᠡᠭᠡᠨ ᠦᠭᠳᠡᠭ ᠪᠠᠶᠢᠨ᠎ᠠ᠃ ᠵᠠᠭᠤᠴᠢ ᠶᠢᠨ | ᠬᠦᠮᠦᠨ ᠵᠠᠭᠤᠨ ᠨᠠᠢᠮᠠᠨ ᠦᠬᠡ ᠲᠠᠢ ᠭᠡᠳᠡᠭᠴᠢᠯᠡᠨ | ᠵᠠᠯᠭᠠᠭᠠᠳ ᠢᠷᠡᠭᠰᠡᠨ ᠵᠣᠷᠢᠯᠭ᠎ᠠ ᠪᠣᠯᠣᠨ | ᠬᠦᠪᠡᠭᠦᠨ ᠤ ᠠᠶᠢᠯ ᠭᠡᠷ ᠤᠨ ᠣᠴᠢᠷ ᠠᠴᠠ | ᠡᠬᠢᠯᠡᠨ ᠠᠮᠢᠳᠣᠷᠠᠯ ᠠᠬᠤᠢ᠂ ᠬᠤᠷᠢᠮ ᠵᠢᠷᠣᠮ | ᠬᠢᠬᠦ ᠪᠣᠯᠳᠠᠯ᠎ᠠ ᠨᠠᠷᠢᠨ ᠲᠣᠳᠣᠷᠬᠠᠢ ᠨᠢᠭᠡ | ᠣᠳᠠᠭ᠎ᠠ ᠲᠠᠶᠢᠯᠪᠣᠷᠢᠯᠠᠨ ᠲᠠᠨᠢᠯᠴᠠᠭᠤᠯᠵᠣ ᠦᠭᠳᠡᠭ | ᠃ ᠮᠦᠨ ᠬᠦᠷᠭᠡᠨ ᠬᠦᠪᠡᠭᠦᠨ ᠤ ᠠᠪᠤ ᠡᠵᠢ ᠨᠢ | ᠬᠡᠨ ᠪᠣᠯᠬᠤ᠂ ᠣᠳᠣᠮ ᠣᠭᠰᠠᠭ᠎ᠠ ᠪᠣᠯᠣᠨ | ᠬᠤᠶᠠᠷ ᠬᠡᠣᠬᠡᠳ ᠤᠨ ᠨᠠᠰᠣ ᠵᠢᠯ᠂ ᠣᠳᠣ ᠮᠡᠩᠭᠡ | ᠶᠢᠨ ᠪᠠᠶᠢᠳᠠᠯ ᠢ ᠨᠠᠷᠢᠨ ᠠᠰᠠᠭᠤᠵᠣ ᠶᠠᠷᠢᠯᠴᠠᠳᠠᠭ | ᠪᠠᠶᠢᠨ᠎ᠠ᠃ | ᠵᠠᠭᠤᠴᠢ ᠪᠣᠯᠣᠨ ᠬᠦᠷᠭᠡᠨ ᠬᠦᠪᠡᠭᠦᠨ | ᠶᠠᠪᠣᠬᠤ ᠦᠶ᠎ᠡ ᠳᠤ ᠰᠠᠪᠠ ᠲᠡᠭᠡᠵᠢ ᠬᠠᠷᠢᠭᠤᠯᠬᠤ | ᠭᠡᠵᠣ ᠬᠤᠶᠠᠷ ᠪᠣᠭᠤᠷᠰᠤᠭ ᠵᠢᠩᠰᠡ ᠲᠠᠢ ᠨᠢ | ᠪᠣᠴᠠᠭᠠᠳᠠᠭ᠃ ᠠᠮᠠᠨ ᠰᠦᠢ ᠲᠣᠭᠳᠠᠬᠤ ᠬᠠᠳᠠᠭ | ᠢ ᠨᠢ ᠪᠣᠴᠠᠭᠠᠵᠣ ᠵᠡᠭᠦᠭᠰᠡᠨ ᠪᠠᠶᠢᠪᠠᠯ ᠲᠠᠬᠢᠨ | ᠶᠠᠷᠢᠯᠴᠠᠭᠰᠠᠨ ᠴᠣ᠋ ᠪᠦᠳᠦᠮᠵᠢ ᠦᠬᠡᠢ᠃ | ᠬᠠᠳᠠᠭ ᠢ ᠨᠢ ᠦᠯᠡᠳᠡᠭᠡᠵᠣ ᠠᠪᠣᠭᠠᠳ ᠦᠬᠡᠷ᠎ᠡ | ᠨᠢᠭᠡᠨ ᠰᠢᠨ᠎ᠡ ᠬᠠᠳᠠᠭ ᠰᠣᠯᠢᠵᠣ ᠲᠠᠳᠠᠭᠰᠠᠨ | ᠪᠠᠶᠢᠪᠠᠯ ᠲᠡᠬᠢᠨᠳᠠ ᠡᠳᠦᠷ ᠪᠣᠯᠵᠣᠵᠣ ᠲᠣᠭᠳᠠᠪᠣᠷᠢ | ᠶᠢᠨ ᠠᠯᠴᠢᠭᠤᠷ ᠬᠠᠳᠠᠭ ᠲᠠᠯᠪᠢᠬᠤ ᠶᠣᠰᠣ ᠵᠢᠷᠦᠮ | ᠢ ᠬᠦᠢᠴᠡᠳᠭᠡᠵᠣ ᠪᠣᠯᠳᠠᠭ ᠶᠣᠮ᠃ | ᠠᠮᠠ ᠨᠡᠭᠡᠭᠡᠵᠣ ᠬᠠᠳᠠᠭ ᠲᠠᠳᠠᠭᠰᠠᠨ | ᠠᠴᠠ ᠬᠤᠶᠢᠰᠢ ᠬᠠᠩᠬᠢᠨ ᠳᠤ ᠬᠡᠣᠬᠡᠨ ᠤ ᠲᠠᠯ᠎ᠠ | ᠳᠤ ᠦᠬᠡᠷ᠎ᠡ ᠪᠣᠰᠣᠳ ᠢᠷᠡᠵᠣ ᠣᠷᠤᠭ | ᠭᠤᠶᠣᠴᠢᠯᠠᠪᠠᠯ ︽ᠮᠠᠨ ᠤ ᠬᠡᠣᠬᠡᠨ ᠲᠠᠯ᠎ᠠ | ᠭᠠᠷᠣᠭᠰᠠᠨ︾ ᠭᠡᠳ ᠪᠣᠴᠠᠭᠠᠳᠠᠭ᠃ ᠲᠠᠶᠢᠮᠣ | ᠠᠴᠠ ᠬᠠᠩᠭᠢᠨ ᠳᠤ ᠠᠩᠬ᠎ᠠ ᠠᠯᠬᠤᠮ ᠡᠭᠦᠳᠡ | ᠲᠠᠳᠠᠵᠣ ᠠᠮᠠᠨ ᠰᠦᠢ ᠲᠠᠯᠪᠢᠭᠰᠠᠨ ᠤ ᠲᠠᠷᠠᠭ᠎ᠠ | ︽ᠬᠠᠳᠠᠭ ᠢᠶᠠᠨ ᠲᠠᠳᠠᠪᠠᠯ ᠬᠠᠭᠠᠰ ᠨᠢ ᠮᠠᠨ ᠤ | ᠬᠢ᠂ ᠠᠷᠢᠬᠢ ᠪᠠᠨ ᠣᠣᠭᠤᠯᠭᠠᠪᠠᠯ ᠪᠦᠬᠦ ᠪᠡᠶ᠎ᠡ | ᠨᠢ ᠮᠠᠨ ᠤ ᠬᠢ︾ ᠭᠡᠳᠡᠭ ᠲᠣᠯᠠ ᠵᠠᠭᠤᠴᠢ ᠶᠢᠨ | ᠬᠦᠮᠦᠨ ᠬᠦᠷᠭᠡᠨ ᠵᠠᠯᠠᠭᠤ ᠲᠠᠢ ᠰᠠᠨᠠᠭ᠎ᠠ ᠪᠠᠶᠠᠨ | ᠪᠣᠴᠠᠵᠣ᠂ ᠣᠷᠢᠭᠰᠠᠨ ᠠᠶᠢᠯ ᠳᠠᠭᠠᠨ ᠬᠠᠷᠢᠵᠣ | ᠢᠷᠡᠭᠡᠳ ᠣᠷᠤᠭ ᠤᠨ ᠣᠴᠢᠷ ᠪᠣᠯᠣᠨ ᠬᠡᠣᠬᠡᠨ ᠤ | ᠲᠠᠯ᠎ᠠ ᠶᠢᠨ ᠪᠠᠶᠢᠳᠠᠯ ᠢ ᠨᠠᠷᠢᠨ ᠰᠠᠶᠢᠬᠠᠨ ᠬᠡᠯᠡᠵᠣ | ᠬᠤᠶᠠᠷ ᠲᠠᠯ᠎ᠠ ᠶᠢᠨ ᠬᠤᠳᠠ ᠲᠦᠷᠦᠯ ᠢ ᠴᠦᠮ | ᠪᠠᠶᠠᠰᠬᠠᠳᠠᠭ ᠪᠠᠶᠢᠨ᠎ᠠ᠃ | ᠵᠢᠷᠭᠤᠭ᠎ᠠ᠂ ᠣᠷᠤᠭ ᠲᠣᠭᠳᠠᠬᠤ ︵ | ᠲᠣᠭᠲᠠᠪᠣᠷᠢ︶ | ᠣᠷᠳᠣᠰ ᠤᠨ ᠬᠠᠩᠬᠢᠨ ᠨᠣᠳᠤᠭ ᠲᠤ ︽ | ᠲᠣᠭᠳᠠᠪᠣᠷᠢ ᠲᠠᠯᠪᠢᠬᠤ︾᠂ ︽ᠠᠮᠠ ᠠᠯᠴᠢᠭᠤᠷ | ᠲᠠᠯᠪᠢᠬᠤ︾᠂ ︽ᠠᠷᠢᠬᠢ ᠠᠯᠴᠢᠭᠤᠷ︾᠂ ︽ | ᠮᠠᠯ ᠮᠦᠩᠬᠦ ᠬᠡᠯᠡᠯᠴᠡᠬᠦ︾ ᠭᠡᠵᠣ ᠭᠠᠵᠠᠷ ᠭᠠᠵᠠᠷ | ᠤᠨ ᠵᠠᠩ ᠵᠠᠩᠰᠢᠯ ᠢᠶᠠᠷ ᠢᠶᠠᠨ ᠬᠡᠯᠡᠯᠴᠡᠳᠡᠭ᠃ | ᠶᠠᠭᠤ ᠭᠡᠵᠣ ᠬᠡᠯᠡᠭᠰᠡᠨ ᠴᠣ᠋ ᠠᠮᠠᠨ ᠰᠦᠢ | ᠲᠡᠭᠡᠷ᠎ᠡ ᠬᠡᠣᠬᠡᠨ ᠤ ᠲᠠᠯ᠎ᠠ ᠶᠢᠨ ᠬᠠᠳᠠᠭ ᠢ | ᠲᠣᠰᠴᠣ ᠠᠪᠣᠭᠰᠠᠨ ᠪᠣᠯᠬᠤᠷ᠂ ᠠᠶᠢᠯ ᠭᠡᠷ ᠤᠨ | ᠢᠶᠠᠨ ᠪᠠᠶᠠᠨ ᠶᠠᠳᠠᠭᠤ ᠶᠢᠨ ᠬᠢᠷᠢ ᠴᠢᠨᠡᠭᠡ ᠪᠠᠷ | ᠰᠠᠶᠢᠨ ᠡᠳᠦᠷ ᠢ ᠦᠵᠡᠨ ᠪᠣᠯᠵᠣᠵᠣ᠂ ᠬᠤᠷᠢᠮ | ᠤᠨ ᠲᠣᠭᠳᠠᠪᠣᠷᠢ ᠲᠠᠯᠪᠢᠨ ᠮᠠᠯ ᠬᠤᠢ᠂ ᠮᠦᠩᠬᠦ | ᠵᠣᠭᠤᠰ᠂ ᠣᠷᠣᠨ ᠭᠡᠷ᠂ ᠡᠮᠦᠰᠭᠡᠯ ᠵᠡᠭᠦᠬᠡ ᠭᠡᠳ | ᠬᠤᠷᠢᠮ ᠨᠠᠶᠢᠷ ᠤᠨ ᠡᠳᠦᠷ ᠪᠣᠯᠳᠠᠯᠠᠬᠢ ᠪᠦᠬᠦᠳᠡ | ᠬᠤᠷᠢᠮ ᠤᠨ ᠣᠴᠢᠷ ᠢ ᠬᠤᠶᠠᠷ ᠲᠠᠯ᠎ᠠ ᠪᠠᠷ ᠢᠶᠠᠨ | ᠶᠠᠷᠢᠯᠴᠠᠨ ᠲᠣᠭᠳᠠᠭᠠᠨ᠎ᠠ᠃ | ᠬᠤᠷᠢᠮ ᠤᠨ ᠲᠣᠭᠳᠠᠪᠣᠷᠢ ᠶᠢᠨ ᠨᠠᠶᠢᠷ ᠮᠦᠨ | ᠬᠡᠣᠬᠡᠨ ᠤ ᠭᠡᠷ ᠲᠤ ᠶᠠᠪᠣᠭᠳᠠᠳᠠᠭ᠃ ᠬᠡᠣᠭᠡᠨ ᠤ | ᠲᠠᠯ᠎ᠠ ᠶᠢᠨ ᠬᠢᠨᠢ ᠠᠪᠠᠭ᠎ᠠ ᠶᠢᠨ ᠲᠦᠷᠦᠯ ᠪᠠ | ᠨᠠᠭᠠᠴᠣ ᠶᠢᠨ ᠲᠦᠷᠦᠯ ᠢ ᠪᠠᠭᠳᠠᠭᠠᠭᠰᠠᠨ ᠭᠤᠣᠯ | ᠭᠤᠣᠯ ᠲᠦᠷᠦᠯ ᠠᠴᠠ ᠭᠠᠳᠠᠨ᠎ᠠ ᠲᠡᠭᠡᠳᠦ ᠨᠢᠭᠡ | ᠦᠶ᠎ᠡ ᠶᠢᠨ ᠨᠠᠰᠣᠳᠠᠶᠢᠴᠣᠳ᠂ ᠠᠬ᠎ᠠ ᠲᠡᠭᠦᠤ ᠨᠠᠷ | ᠴᠣᠭᠯᠠᠷᠠᠭᠰᠠᠨ ᠪᠠᠶᠢᠳᠠᠭ᠃ | ᠬᠦᠪᠡᠬᠦᠨ ᠤ ᠲᠠᠯ᠎ᠠ ᠠᠴᠠ ᠣᠷᠤᠭ ᠤᠨ | ᠲᠣᠭᠳᠠᠪᠣᠷᠢ ᠲᠠᠯᠪᠢᠬᠤ ᠳᠤ ᠠᠪᠠᠭ᠎ᠠ ᠪᠣᠶᠣ | ᠨᠠᠭᠠᠴᠣ ᠶᠢᠨ ᠲᠦᠷᠦᠯ ᠢ ᠪᠠᠭᠳᠠᠭᠠᠭᠰᠠᠨ | ᠲᠣᠮᠣᠭᠠᠳᠠᠨ᠂ ᠬᠦᠪᠡᠭᠦᠨ ᠤ ᠠᠬᠠᠰ ᠵᠠᠬᠠᠰ᠂ | ᠵᠠᠭᠤᠴᠢ ᠶᠢᠨ ᠬᠦᠮᠦᠨ ᠵᠡᠷᠭᠡ ᠲᠦᠷᠪᠡ ᠠᠴᠠ | ᠵᠢᠷᠭᠤᠭᠠᠨ ︵ᠬᠤᠣᠰ ᠲᠣᠭᠠᠨ ᠤ︶ ᠬᠦᠮᠦᠨ | ᠣᠴᠢᠳᠠᠭ᠃ ᠲᠣᠭᠳᠠᠪᠣᠷᠢ ᠲᠠᠯᠪᠢᠬᠤ ᠳᠤ | ᠣᠯᠠᠩᠬᠢ ᠳᠠᠭᠠᠨ ᠲᠦᠷᠦᠭᠰᠡᠨ ᠠᠪᠤ ᠡᠵᠢ ᠨᠢ | ᠣᠴᠢᠳᠠᠭ ᠦᠬᠡᠢ᠃ | ᠬᠦᠪᠡᠭᠦᠨ ᠲᠠᠯ᠎ᠠ ᠶᠢᠨ ᠲᠡᠭᠡᠵᠢ ᠰᠠᠪᠠ | ᠳᠤ᠂ ᠬᠤᠨᠢᠨ ᠰᠢᠭᠦᠰᠦ᠂ ᠲᠠᠭᠠᠪᠣᠷᠢ ᠰᠢᠭᠦᠰᠦ ︵ | ᠴᠠᠢ ᠪᠠᠷ ᠣᠷᠣᠯᠠᠭᠤᠯᠳᠠᠭ︶ ᠵᠢᠩᠰᠡ ᠬᠠᠪᠳᠠᠭᠠᠢ | ᠪᠤᠭᠤᠷᠰᠤᠭ᠂ ᠴᠠᠭᠠᠨ ᠢᠳᠡᠭᠡ ᠵᠢᠴᠢ ᠰᠠᠮᠪᠠᠢ | ᠬᠠᠳᠠᠭ᠂ ᠡᠮᠦᠰᠭᠡᠯ ᠵᠡᠭᠦᠪᠦᠷᠢ᠂ ᠭᠡᠷ ᠤᠨ ᠰᠠᠪᠠ | ᠠᠷᠢᠬᠢ ᠰᠠᠷᠬᠤᠳ᠂ ᠰᠢᠬᠢᠷ ᠴᠢᠪᠠᠭ᠎ᠠ ᠵᠡᠷᠭᠡ ᠶᠢ | ᠪᠡᠯᠡᠳᠭᠡᠵᠣ ᠣᠴᠢᠨ᠎ᠠ᠃ | ᠲᠣᠭᠳᠠᠪᠣᠷᠢ ᠶᠢᠨ ᠶᠣᠰᠣᠯᠠᠯ ᠲᠡᠭᠡᠷ᠎ᠡ | ᠡᠬᠢᠯᠡᠩᠬᠦᠳᠡ ᠵᠠᠭᠤᠴᠢ ᠶᠢᠨ ᠬᠦᠮᠦᠨ ᠠᠯᠢᠪᠠ | ᠪᠡᠯᠡᠭ ᠶᠣᠰᠣ ᠶᠢ ᠭᠠᠷᠳᠠᠵᠣ ᠬᠢᠳᠡᠭ᠃ ᠬᠠᠩᠬᠢᠨ | ᠤ ᠵᠣᠷᠰᠢᠯ ᠶᠣᠰᠣᠭᠠᠷ ᠭᠡᠷ ᠤᠨ ᠰᠠᠪᠠ᠂ | ᠲᠣᠭᠳᠠᠪᠣᠷᠢ ᠶᠢᠨ ᠰᠠᠪᠠ ᠭᠡᠵᠣ ᠵᠢᠩᠰᠡ | ᠵᠢᠷᠭᠤᠭᠠᠨ ᠪᠣᠭᠤᠷᠰᠤᠭ᠂ ᠰᠢᠭᠦᠰᠦ᠂ ᠲᠠᠭᠠᠪᠣᠷᠢ | ᠰᠢᠬᠦᠰᠦ ᠪᠠᠨ ᠲᠠᠯᠪᠢᠵᠣ᠂ ᠬᠡᠣᠬᠡᠨ ᠤ ᠲᠠᠯ᠎ᠠ ᠶᠢᠨ | ᠭᠤᠣᠯ ᠲᠦᠷᠦᠯ ᠤᠳ ᠲᠤ ᠴᠠᠭᠠᠨᠳᠠᠢ | ᠠᠮᠰᠠᠭᠤᠯᠣᠨ ᠲᠣᠰ ᠲᠣᠰ ᠰᠠᠮᠪᠠᠢ ᠬᠠᠳᠠᠭ | ᠲᠠᠳᠠᠨ᠎ᠠ᠃ ᠲᠠᠷᠠᠭ᠎ᠠ ᠪᠠᠷ ᠭᠤᠷᠪᠠᠨ ᠬᠤᠨᠳᠠᠭ᠎ᠠ | ᠠᠷᠢᠬᠢ ᠪᠠᠨ ᠵᠠᠰᠠᠵᠣ ᠰᠢᠨ᠎ᠡ ᠪᠡᠷᠢ ᠶᠢᠨ | ᠲᠣᠯᠣᠭᠠᠢ ᠶᠢᠨ ᠵᠠᠰᠠᠯ᠂ ᠡᠮᠦᠰᠭᠡᠯ᠂ ᠮᠠᠯ ᠮᠥᠩᠬᠦ | ᠂ ᠠᠪᠤ ᠡᠵᠢ ᠶᠢᠨ ᠠᠴᠢᠯᠠᠯ ︵ᠡᠵᠢ ᠶᠢᠨ ᠴᠠᠭᠠᠨ | ᠰᠦ ᠬᠠᠷᠢᠭᠤᠯᠬᠤ︶᠂ ᠰᠠᠭᠠᠳᠠᠭ ᠣᠷᠣᠬᠤ᠂ | ᠬᠡᠣᠬᠡᠨ ᠬᠦᠷᠭᠡᠬᠦ ᠵᠡᠷᠭᠡ ᠣᠴᠢᠷ ᠶᠠᠪᠣᠳᠠᠯ ᠢ | ᠬᠡᠯᠯᠡᠴᠡᠨ ᠵᠦᠪᠳᠡᠯᠴᠡᠨ᠎ᠡ᠃ | ᠡᠮᠦᠰᠭᠡᠯ ᠵᠡᠭᠦᠭᠡ ᠳᠤ ᠨᠢᠭᠡ ᠶᠢᠰᠦ ᠶᠢᠨ | ᠡᠮᠦᠰᠭᠡᠯ᠂ ᠬᠤᠶᠠᠷ ᠶᠢᠰᠦ ᠠᠷᠪᠠᠨ ᠨᠠᠢᠮᠠ ᠶᠢᠨ | ᠡᠮᠦᠰᠭᠡᠯ᠂᠂᠂᠂ ᠲᠠᠶᠢᠵᠢ ᠢᠵᠠᠭᠤᠷᠳᠠᠨ ᠪᠤᠯ | ᠶᠢᠰᠦ ᠶᠢᠰᠦ ᠨᠠᠶᠠᠨ ᠨᠢᠭᠡᠨ ᠡᠮᠦᠰᠭᠡᠯ᠂ ᠬᠠᠷᠠᠴᠣ | ᠬᠦᠮᠦᠰ ᠪᠤᠯ ᠲᠠᠪᠤ ᠶᠢᠰᠦ ᠲᠦᠴᠢᠨ ᠲᠠᠪᠤ ᠶᠢᠨ | ᠡᠮᠦᠰᠭᠡᠯ ᠭᠡᠬᠦ ᠬᠡᠯᠡᠯᠬᠡ ᠪᠣᠢ᠃ ᠲᠣᠬᠠᠢ ᠶᠢᠨ | ᠴᠠᠭ ᠲᠤ ᠠᠶᠢᠯ ᠡᠷᠦᠭᠡ ᠦᠪᠡᠷ ᠤᠨ ᠪᠣᠳᠠᠳᠠᠢ | ᠪᠠᠶᠢᠳᠠᠯ ᠳᠠᠭᠠᠨ ᠦᠨᠳᠦᠰᠦᠯᠡᠨ ᠨᠢᠭᠡ ᠶᠢᠰᠦ ᠶᠢᠨ | ᠡᠮᠦᠰᠭᠡᠯ ᠢᠶᠠᠷ ᠨᠡᠶᠢᠳᠡᠮ ᠪᠠᠶᠢᠵᠠᠢ᠃ | ᠨᠢᠭᠡ ᠶᠢᠰᠦ ᠶᠢᠨ ᠡᠮᠦᠰᠭᠡᠯ ᠳᠤ | ᠭᠤᠣᠯᠳᠠᠭᠤ᠂ ᠬᠡᠪ ᠤᠨ ᠴᠠᠢ᠂ ᠰᠠᠮᠪᠠᠢ ᠬᠠᠳᠠᠭ᠂ | ᠪᠦᠰ᠂ ᠲᠣᠷᠭ᠎ᠠ᠂ ᠲᠡᠪᠡᠯ᠂ ᠮᠠᠯᠠᠭ᠎ᠠ ᠶᠢᠨ | ᠵᠠᠯᠠᠭ᠎ᠠ᠂ ᠲᠠᠪᠣᠨ ᠲᠣᠯᠣᠭᠠᠶᠢᠳᠣ ᠪᠦᠰ᠂ ᠬᠡᠣᠭᠡᠨ | ᠤ ᠵᠢᠰᠦᠮ ᠤᠨ ᠮᠣᠷᠢ᠂ ᠡᠮᠡᠭᠡᠯ ᠲᠣᠬᠤᠮ᠂ ᠬᠤᠨᠢ | ᠂ ᠵᠣᠭᠤᠰ ᠮᠦᠩᠭᠦ᠂ ᠲᠣᠯᠣᠭᠠᠢ ᠶᠢᠨ ᠵᠡᠭᠦᠭᠡ | ᠵᠠᠰᠠᠯ ᠴᠢᠮᠡᠭ ᠪᠠᠶᠢᠳᠠᠭ᠃ | 1. ᠪᠡᠷᠢ ᠶᠢᠨ ᠡᠮᠦᠰᠭᠡᠯ ᠳᠤ ᠲᠦᠷᠪᠡᠨ | ᠣᠯᠠᠷᠢᠯ ᠤᠨ ᠬᠤᠪᠴᠠᠰᠣ ᠪᠡᠯᠡᠳᠬᠡᠭᠰᠡᠨ ᠪᠠᠶᠢᠳᠠᠭ | ᠃ ᠪᠡᠷᠢ ᠭᠠᠯ ᠳᠤ ᠮᠦᠷᠭᠦᠭᠦ᠂ ᠬᠡᠪᠡᠢ ᠬᠤᠷᠢᠮ | ᠲᠡᠭᠡᠷ᠎ᠡ ᠪᠡᠷᠢ ᠮᠦᠷᠬᠦᠬᠦ ᠳᠤ ᠬᠠᠳᠠᠮ ᠡᠭᠡ ᠨᠢ | ᠦᠭᠬᠦ ᠬᠤᠪᠴᠠᠰᠣ᠂ ᠵᠡᠬᠦᠬᠦ ᠡᠳ᠋ ᠡᠷᠳᠡᠨᠢᠰ ᠵᠡᠷᠭᠡ | ᠶᠢ ᠬᠡᠯᠡᠯᠴᠡᠬᠡᠨ ᠳᠤ ᠣᠷᠣᠭᠤᠯᠬᠤ ᠦᠬᠡᠢ᠃ | ᠣᠴᠢᠷ ᠨᠢ ᠭᠦᠷᠭᠡᠨ ᠤ ᠲᠠᠯ᠎ᠠ ᠠᠴᠠ ᠦᠪᠡᠷ ᠤᠨ | ᠪᠡᠷᠢ ᠳᠡᠭᠡᠨ ᠠᠯᠢ ᠪᠣᠯᠬᠤ ᠪᠠᠷ ᠬᠠᠮᠤᠭ ᠰᠠᠶᠢᠨ | ᠢᠶᠠᠨ ᠦᠭᠳᠡᠭ ᠵᠠᠩᠰᠢᠯ ᠲᠠᠢ᠃ | 2. ᠪᠡᠷᠢ ᠶᠢᠨ ᠲᠣᠯᠣᠭᠠᠢ ᠶᠢᠨ ᠵᠠᠰᠠᠯ | ᠵᠡᠭᠦᠭᠡ ᠳᠤ ᠵᠢᠩᠬᠢᠨᠢ ︵ᠵᠢᠨᠳᠢ︶ ᠱᠢᠷᠦ ᠪᠣᠶᠣ | ᠱᠠᠭᠠᠵᠠᠩ ᠱᠢᠷᠣ᠂ ᠬᠡᠳᠦᠢ ᠬᠡᠳᠦᠢ ᠵᠢᠩᠬᠢᠨᠢ | ᠱᠢᠷᠦ᠂ ᠬᠡᠳᠦᠢ ᠬᠡᠳᠦᠢ ᠱᠠᠭᠠᠵᠠᠩ ᠱᠢᠷᠦ ᠭᠡᠵᠣ | ᠬᠡᠯᠡᠯᠴᠡᠨ᠎ᠡ᠃ ᠮᠦᠩᠬᠦᠨ ᠦᠢᠯᠡ ᠳᠤ ᠶᠠᠮᠠᠷ | ᠶᠠᠩᠵᠣ ᠶᠢᠨ ᠲᠡᠪ ᠵᠢᠷᠠᠨ ᠠᠮᠣ ᠲᠠᠪᠣᠨ ᠡᠯᠬᠦᠬᠦᠷ | ᠂ ᠶᠡᠭᠡ ᠮᠦᠩᠭᠦᠨ ᠰᠢᠷᠪᠢᠬᠦᠯ ᠪᠣᠶᠣ ᠪᠠᠭ᠎ᠠ | ᠮᠦᠩᠬᠦᠨ ᠰᠢᠷᠪᠢᠬᠦᠯ᠂ ᠦᠬᠡᠢ ᠪᠣᠯ ᠶᠡᠭᠡ ᠪᠠᠭ᠎ᠠ | ᠬᠤᠶᠠᠷ ᠮᠦᠩᠬᠦᠨ ᠰᠢᠷᠪᠢᠬᠦᠯ ᠭᠡᠵᠣ ᠬᠤᠪᠣᠷ | ᠴᠣᠬᠠᠭ ᠮᠦᠩᠬᠦ ᠱᠢᠷᠦᠨ ᠤ ᠡᠳ᠋ᠯᠡᠯ ᠢ ᠬᠡᠯᠡᠯᠴᠡᠨ | ᠲᠣᠭᠳᠠᠨᠠ᠃ ᠡᠳᠡᠭᠡᠷ ᠢ ᠨᠢᠬᠡ ᠪᠣᠯ ᠬᠠᠳᠠᠮ ᠤᠨ | ᠲᠠᠯ᠎ᠠ ᠠᠴᠠ ᠲᠠᠭᠠᠭᠠᠳᠠᠭ᠃ ᠪᠠᠰᠠ ᠬᠡᠣᠬᠡᠨ ᠤ | ᠲᠠᠯ᠎ᠠ ᠠᠴᠠ ᠲᠠᠭᠠᠭᠠᠬᠤ ᠴᠣ᠋ ᠪᠣᠢ᠃ ᠬᠤᠶᠠᠷ | ᠲᠠᠯ᠎ᠠ ᠠᠴᠠ ᠬᠠᠷᠢᠯᠴᠠᠨ ᠪᠡᠯᠡᠳᠬᠡᠬᠦ ᠴᠦ ᠪᠣᠢ᠃ | ᠬᠡᠪᠡᠴᠦ ᠬᠦᠷᠭᠡᠨ ᠬᠦᠤ ᠶᠢᠨ ᠲᠠᠯ᠎ᠠ ᠠᠴᠠ ᠵᠠᠪᠠᠯ | ᠦᠨ᠎ᠡ ᠦᠷᠳᠡᠭ ᠢ ᠨᠢ ᠪᠣᠳᠣᠵᠣ᠂ ᠮᠠᠯ ᠤᠨ | ᠲᠤᠭ᠎ᠠ ᠪᠠᠨ ᠣᠯᠠᠰᠢᠷᠠᠭᠤᠯᠳᠠᠭ ᠪᠢᠯᠡ᠃ ᠪᠡᠷᠢ | ᠶᠢᠨ ᠲᠣᠯᠣᠭᠠᠢ ᠶᠢᠨ ᠵᠠᠰᠠᠯ ᠵᠡᠭᠦᠭᠡ ᠬᠡᠵᠢᠶ᠎ᠡ | ᠪᠦᠷᠢᠨ ᠪᠣᠯᠵᠣ ᠲᠣᠰᠢᠶᠠᠬᠤ ᠴᠠᠭ ᠢᠶᠠᠨ | ᠬᠡᠯᠡᠯᠴᠡᠨ ᠲᠣᠭᠳᠠᠳᠠᠭ᠃ ᠣᠯᠠᠩᠬᠢ ᠨᠢ | ᠰᠠᠭᠠᠳᠠᠭ ᠣᠴᠢᠬᠤ ᠳᠤ ᠠᠪᠴᠣ ᠬᠦᠷᠳᠡᠭ᠃ | ᠬᠡᠪᠡᠴᠣ ᠵᠠᠷᠢᠮ ᠠᠶᠢᠯ ᠨᠢ ᠲᠣᠯᠣᠭᠠᠢ ᠶᠢᠨ ᠵᠠᠰᠠᠯ | ᠵᠡᠭᠦᠭᠡ ᠶᠢ ᠰᠠᠶᠢᠨ ᠡᠳᠦᠷ ᠲᠠᠭᠠᠷᠠᠭᠤᠯᠵᠣ | ᠲᠣᠰᠬᠠᠢ ᠬᠤᠳᠠᠭᠤᠢ ᠪᠠᠷ ᠭᠦᠷᠭᠡᠵᠣ ᠦᠭᠬᠦ ᠴᠣ᠋ | ᠪᠣᠢ᠃ ᠡᠨᠡ ᠨᠢ ᠬᠡᠣᠬᠡᠨ ᠤ ᠲᠠᠯ᠎ᠠ ᠶᠢᠨ ᠬᠢᠨ | ᠲᠣᠭᠤᠬᠤ ᠦᠬᠡᠢ ᠪᠣᠶᠣ ᠪᠡᠷᠢ ᠶᠢᠨ ᠲᠣᠯᠣᠭᠠᠢ | ᠳᠤ ᠲᠠᠭᠠᠷᠠᠭᠰᠠᠨ ᠡᠰᠡᠬᠦ ᠶᠢ ᠣᠷᠢᠳᠴᠢᠯᠡᠨ | ᠦᠵᠡᠵᠣ᠂ ᠰᠭᠠᠳᠠᠭ ᠢᠶᠠᠷ ᠠᠪᠴᠣ ᠬᠦᠷᠦᠭᠰᠡᠨ ᠤ | ᠬᠤᠶᠢᠨ᠎ᠠ ᠡᠶᠢᠮᠣ ᠲᠡᠶᠢᠮᠣ ᠭᠡᠭᠦ ᠠᠴᠠ | ᠰᠡᠷᠡᠮᠵᠢᠯᠡᠭᠰᠡᠨ ᠣᠬᠠᠭᠠᠨᠳᠠᠢ᠃ | 3. ᠮᠠᠯ ᠪᠣᠳᠠ ᠶᠢ ᠬᠡᠯᠡᠯᠴᠡᠨ | ᠲᠣᠭᠳᠠᠨᠠ᠃ ᠬᠦᠪᠡᠬᠦᠨ ᠲᠠᠯ᠎ᠠ ᠶᠢᠨ ᠬᠢᠨᠢ | ᠠᠮᠢᠳᠣᠷᠠᠯ ᠤᠨ ᠪᠠᠶᠢᠳᠠᠯ ᠢᠶᠠᠨ ᠦᠵᠡᠵᠣ ᠲᠦᠷᠪᠡ | ᠂ ᠵᠢᠷᠭᠤᠭ᠎ᠠ᠂ ᠨᠠᠢᠮᠠ᠂ ᠠᠷᠪᠠ᠂᠂᠂᠂ ᠭᠡᠬᠦ | ᠮᠡᠳᠦ ᠪᠠᠷ ᠬᠠᠯᠠᠭᠤᠨ ᠬᠤᠰᠢᠭᠤᠳᠣ ᠮᠠᠯ ᠭᠡᠵᠣ | ᠮᠣᠷᠢ ᠪᠠᠷ ᠮᠠᠩᠯᠠᠢ ᠪᠣᠯᠭᠠᠵᠣ᠂ ᠦᠬᠡᠷ᠂ ᠬᠤᠨᠢ | ᠦᠭᠳᠡᠭ᠃ ᠲᠡᠮᠡᠭᠡ᠂ ᠢᠮᠠᠭ᠎ᠠ ᠶᠢ ᠬᠦᠢᠳᠡᠨ | ᠬᠤᠰᠢᠭᠤᠳᠣ ᠮᠠᠯ ᠭᠡᠵᠤ ᠦᠵᠡᠳᠡᠭ ᠲᠤᠯᠠ ᠰᠦᠢ | ᠪᠡᠯᠡᠭ ᠲᠤ ᠦᠭᠳᠡᠭ ᠦᠬᠡᠢ ᠶᠣᠰᠣ ᠵᠢᠷᠣᠮ ᠲᠠᠢ᠃ | | 4. ᠠᠪᠤ ᠡᠵᠢ ᠶᠢᠨ ᠠᠴᠢ ᠶᠢ | ᠬᠠᠷᠢᠭᠤᠯᠬᠤ ᠣᠷᠭ᠎ᠠ ᠶᠢᠨ ᠮᠤᠷᠢ᠂ ᠰᠠᠭᠠᠬᠤ | ᠦᠨᠢᠶ᠎ᠡ ᠭᠡᠵᠤ ᠨᠠᠷᠢᠨ ᠨᠢᠮᠪᠡᠢ ᠬᠡᠯᠡᠯᠴᠡᠨ | ᠲᠣᠭᠳᠠᠨᠠ᠃ | ᠬᠠᠩᠬᠢᠨᠴᠣᠳ ᠲᠡᠣᠬᠡᠨ ᠠᠴᠠ ᠠᠪᠣᠭᠠᠳ | ᠶᠡᠮᠠᠷᠪᠠ ᠠᠶᠢᠯ ᠭᠡᠷ ᠨᠢ ᠦᠪᠡᠷ ᠤᠨ ᠬᠡᠣᠬᠡᠨ | ᠢᠶᠠᠨ ᠮᠣᠷᠳᠠᠭᠤᠯᠬᠤ ᠳᠤ ᠬᠦᠯ ᠨᠢᠴᠦᠬᠦᠨ ᠭᠠᠷ | ᠬᠤᠭᠤᠰᠣᠨ ᠢᠶᠠᠷ ᠬᠦᠷᠭᠡᠳᠡᠭ ᠦᠬᠡᠢ᠃ ᠭᠠᠷ | ᠬᠤᠭᠤᠰᠣᠨ ᠮᠣᠷᠳᠠᠭᠤᠯᠪᠠᠯ ᠮᠠᠭᠤᠴᠢᠯᠠᠭᠳᠠᠬᠤ | ᠪᠣᠢ ᠬᠡᠮᠡᠨ ᠡᠵᠢ ᠠᠪᠤ ᠨᠢ ︽ᠬᠡᠣᠬᠡᠨ ᠮᠠᠭᠤ ᠪᠣᠯ | ᠦᠨᠦᠬᠦ ᠲᠠᠢ ᠢᠮᠠᠭ᠎ᠠ ᠨᠡᠮᠡᠵᠣ ᠦᠭᠬᠦᠨ᠎ᠡ︾ | ᠭᠡᠳᠡᠭᠴᠢᠯᠡᠨ ᠬᠡᠣᠬᠡᠨ ᠳᠡᠭᠡᠨ ᠦᠰᠦ ᠭᠡᠵᠢᠭᠡᠨ ᠤ | ᠴᠢᠮᠡᠭ᠂ ᠵᠠᠭᠦᠯᠲᠠ᠂ ᠡᠪᠣᠯ ᠵᠣᠨ ᠤ ᠲᠡᠪᠡᠯ᠂ | ᠣᠷᠣ ᠲᠡᠷᠡ ᠶᠢᠨ ᠬᠡᠷᠡᠭᠯᠡᠯ᠂ ᠠᠪᠳᠠᠷ᠎ᠠ ᠰᠠᠪᠠ | ᠪᠣᠯᠣᠨ ᠡᠮᠡᠭᠡᠯ ᠬᠠᠵᠠᠭᠠᠷ ᠲᠠᠢ ᠮᠣᠷᠢ᠂ ᠦᠭᠡᠷ᠂ | ᠬᠤᠨᠢ ᠵᠡᠷᠭᠡ ᠶᠢ ᠢᠨᠵᠢ ᠳᠤ ᠦᠭᠳᠡᠭ ᠶᠤᠮ᠃ | ᠬᠤᠶᠠᠷ ᠲᠠᠯ᠎ᠠ ᠶᠢᠨ ᠲᠦᠷᠦᠯ ᠡᠳᠡᠭᠡᠷ | ᠤᠯᠠᠨ ᠠᠪᠣᠯᠭ᠎ᠠ᠂ ᠦᠭᠬᠦᠯᠭᠡ ᠶᠢᠨ ᠵᠠᠷᠣᠳᠠᠯ ᠢ | ᠬᠦᠢᠴᠡᠳ ᠬᠡᠯᠡᠯᠴᠡᠨ ᠲᠣᠭᠳᠠᠵᠣ᠂ ᠬᠤᠭᠤᠷᠣᠨᠳᠣ | ᠪᠠᠨ ᠡᠯᠢᠭᠡ ᠪᠠᠨ ᠨᠡᠭᠡᠭᠡᠭᠰᠡᠨ ᠬᠤᠳᠠ ᠲᠦᠷᠦᠯ | ᠢᠶᠠᠨ ᠮᠡᠳᠡᠷᠡᠨ᠂ ᠬᠡᠣᠬᠡᠨ ᠤ ᠲᠠᠯ᠎ᠠ ᠠᠴᠠ ᠰᠠᠪᠠᠨ | ᠤ ᠬᠠᠷᠢᠭᠤ ᠭᠡᠵᠣ ᠬᠤᠶᠠᠷ ᠬᠤᠨᠳᠠᠭ᠎ᠠ ᠠᠷᠢᠬᠢ | ᠵᠠᠰᠠᠭᠠᠳ ᠰᠢᠷᠡᠭᠡᠨ ᠲᠡᠭᠡᠷᠡᠬᠢ ᠰᠠᠪᠠ᠂ | ᠲᠣᠭᠳᠠᠪᠣᠷᠢ ᠶᠢᠨ ᠰᠢᠭᠦᠰᠦ ᠪᠠᠨ ᠵᠦᠪ ᠢᠶᠠᠷ | ᠡᠷᠭᠢᠬᠦᠯᠵᠣ ᠪᠠᠭᠤᠯᠭᠠᠳᠠᠭ᠃ | ᠰᠢᠭᠦᠰᠦ ᠪᠠᠭᠤᠭᠰᠠᠨ ᠤ ᠲᠠᠷᠠᠭ᠎ᠠ | ᠬᠦᠪᠡᠬᠦᠨ ᠤ ᠲᠠᠯ᠎ᠠ ᠠᠴᠠ ᠢᠷᠡᠭᠰᠡᠨ ᠭᠡᠶᠢᠴᠢᠳ | ᠰᠠᠨᠠᠭ᠎ᠠ ᠠᠮᠠᠷᠠᠵᠣ᠂ ᠬᠡᠣᠬᠡᠨ ᠤ ᠲᠠᠯ᠎ᠠ ᠶᠢᠨ | ᠭᠤᠣᠯ ᠲᠦᠷᠦᠯ ᠤᠳ ᠲᠤ ᠲᠣᠭᠳᠠᠪᠣᠷᠢ ᠶᠢᠨ | ᠰᠠᠮᠪᠠᠢ ᠬᠠᠳᠠᠭ ᠢᠶᠠᠨ ᠲᠠᠳᠠᠵᠣ᠂ ᠡᠮᠦᠰᠭᠡᠯ | ᠵᠡᠬᠦᠯᠭᠡᠨᠡ᠃ ᠬᠡᠣᠬᠡᠳ ᠤᠳ ᠲᠤ ᠬᠤᠪᠢ | ᠦᠭᠳᠡᠭ᠃ ᠬᠤᠳᠠ ᠲᠦᠷᠦᠯ ᠬᠤᠭᠤᠷᠣᠨᠳᠣ ᠪᠠᠨ | ᠠᠷᠢᠬᠢ ᠵᠠᠰᠠᠵᠣ᠂ ᠮᠠᠯ ᠮᠦᠩᠬᠦ ᠪᠠᠨ ᠠᠪᠬᠤ᠂ ︽ | ᠰᠦᠢ ᠪᠡᠯᠡᠭ ᠤᠨ ᠲᠣᠭᠳᠠᠪᠣᠷᠢ︾ ᠶᠢᠨ ᠡᠳᠦᠷ᠂ | ᠬᠤᠷᠢᠮ ᠨᠠᠶᠢᠷ ᠬᠢᠬᠦ ᠰᠠᠷ᠎ᠠ ᠡᠳᠦᠷ ᠢᠶᠠᠨ | ᠬᠡᠯᠡᠯᠴᠡᠨ ᠰᠢᠬᠦᠰᠦ ᠵᠣᠭᠤᠭᠯᠠᠭᠠᠳ ᠲᠣᠭᠳᠠᠪᠣᠷᠢ | ᠶᠢᠨ ᠨᠠᠶᠢᠷ ᠲᠠᠷᠬᠠᠳᠠᠭ ᠶᠣᠮ᠃ | ᠲᠣᠯᠤᠭ᠎ᠠ᠂ ᠰᠦᠢ ᠪᠡᠯᠡᠭ ᠤᠨ | ᠲᠣᠭᠳᠠᠪᠣᠷᠢ | ᠬᠠᠩᠬᠢᠨ ᠨᠣᠳᠤᠭ ᠲᠤ ᠤᠷᠤᠭ | ᠲᠣᠭᠳᠠᠬᠤ ᠲᠣᠭᠳᠠᠪᠣᠷᠢ ᠲᠠᠯᠪᠢᠭᠰᠠᠨ ᠤ ᠲᠠᠷᠠᠭ᠎ᠠ | ︽ᠮᠠᠯ ᠦᠭᠬᠦ ᠲᠣᠰᠢᠶᠠᠬᠤ︾᠂ ︽ᠶᠡᠭᠡ ᠠᠷᠢᠬᠢ | ᠠᠯᠴᠢᠭᠤᠷ︾ ᠲᠠᠯᠪᠢᠬᠤ ᠭᠡᠳᠡᠭ ᠶᠣᠰᠣ ᠵᠢᠷᠣᠮ | ᠪᠣᠢ᠃ | ᠡᠨᠡ ᠰᠦᠢ ᠪᠡᠯᠡᠭ ᠤᠨ ᠲᠣᠭᠳᠠᠪᠣᠷᠢ ᠶᠢ | ᠬᠦᠪᠡᠭᠦᠨ ᠤ ᠲᠠᠯ᠎ᠠ ᠳᠤ ᠢᠷᠡᠵᠣ ᠭᠦᠢᠴᠡᠳᠭᠡᠨ᠎ᠡ᠃ | ᠲᠠᠷᠣᠢ ᠣᠷᠤᠭ ᠲᠣᠭᠳᠠᠬᠤ ᠲᠣᠭᠳᠠᠪᠣᠷᠢ | ᠲᠡᠭᠡᠷ᠎ᠡ ᠬᠡᠣᠬᠡᠨ ᠤ ᠲᠠᠯ᠎ᠠ ᠳᠤ ᠬᠡᠳᠦᠢ ᠬᠡᠳᠦᠢ | ᠪᠣᠳᠠ ᠪᠣᠭ ᠮᠠᠯ᠂ ᠬᠡᠳᠦᠢ ᠮᠦᠩᠬᠦ ᠵᠣᠭᠤᠰ ᠤᠨ | ᠰᠦᠢ ᠪᠡᠯᠡᠭ ᠦᠭᠬᠦᠨ᠎ᠡ ᠭᠡᠵᠣ ᠲᠣᠭᠳᠠᠭᠰᠠᠨ ᠪᠤᠯ | ᠲᠤᠭ᠎ᠠ ᠶᠣᠰᠣᠭᠠᠷ ᠲᠣᠰᠢᠶᠠᠵᠣ ᠦᠭᠳᠡᠭ᠃ | ᠰᠦᠢ ᠪᠡᠯᠡᠭ ᠤᠨ ᠮᠠᠯ ᠮᠦᠩᠬᠦ ᠶᠢ | ᠦᠭᠴᠣ ᠠᠪᠬᠤ ᠪᠣᠯᠵᠣᠭᠰᠠᠨ ᠡᠳᠦᠷ ᠲᠤ | ᠬᠡᠣᠬᠡᠨ ᠤ ᠲᠠᠯ᠎ᠠ ᠠᠴᠠ ᠲᠦᠷᠪᠡ ᠪᠣᠶᠣ | ᠵᠢᠷᠭᠤᠭᠠᠨ ᠬᠦᠮᠦᠨ ᠰᠠᠮᠪᠠᠢ ᠬᠠᠳᠠᠭ ᠴᠠᠢ ᠶᠢᠨ | ᠰᠠᠪᠠ᠂ ᠵᠢᠩᠰᠡ ᠵᠢᠷᠭᠤᠭᠠᠨ ᠪᠣᠭᠤᠷᠰᠤᠭ᠂ | ᠰᠠᠭᠠᠯᠢ ᠶᠢᠨ ᠲᠡᠭᠡᠵᠢ ᠲᠠᠢ ᠪᠠᠭᠤᠳᠠᠭ᠃ | ᠬᠦᠪᠡᠭᠦᠨ ᠤ ᠲᠠᠯ᠎ᠠ ᠳᠤ ᠰᠦᠢ ᠪᠡᠯᠡᠭ | ᠲᠣᠭᠳᠠᠪᠣᠷᠢ ᠶᠢᠨ ᠡᠳᠦᠷ ᠠᠪᠠᠭ᠎ᠠ ᠶᠢᠨ ᠲᠦᠷᠦᠯ᠂ | ᠠᠭᠠᠴᠣ ᠶᠢᠨ ᠲᠦᠷᠦᠯ ᠪᠠᠶᠢᠬᠤ ᠠᠴᠠ ᠭᠠᠳᠠᠨ᠎ᠠ | ᠨᠠᠶᠢᠷᠴᠢᠨ ᠲᠠᠭᠤᠴᠢᠨ ᠴᠣ᠋ ᠪᠠᠶᠢᠵᠣ ᠨᠠᠶᠢᠷ | ᠲᠠᠯᠪᠢᠳᠠᠭ᠃ ᠵᠠᠷᠢᠮ ᠨᠢ ᠠᠶᠢᠯ ᠠᠶᠢᠮᠠᠭ ᠢᠶᠠᠨ | ᠣᠷᠢᠵᠣ ᠵᠠᠯᠠᠬᠤ ᠳᠠᠭᠠᠨ ᠲᠠᠪᠣᠨ ᠬᠤᠰᠢᠭᠤ ᠮᠠᠯ | ᠢᠶᠠᠷ ᠪᠠᠶᠠᠨ᠂ ᠮᠠᠯ ᠢᠶᠠᠷ ᠠᠷᠪᠢᠨ ᠠᠶᠢᠯ ᠡᠷᠦᠬᠡ | ᠶᠢ ᠵᠠᠯᠠᠳᠠᠭ ᠶᠣᠮ᠃ | ᠣᠴᠢᠷ ᠨᠢ ᠵᠠᠷᠢᠮ ᠶᠠᠳᠠᠭᠤ ᠵᠦᠳᠡᠭᠦᠤ | ᠠᠶᠢᠯ ᠨᠢ ᠪᠠᠷᠢ ᠪᠠᠭᠤᠯᠭᠠᠬᠤ ᠴᠠᠭ ᠪᠣᠯᠣᠭᠠᠳ | ᠰᠦᠢ ᠪᠡᠯᠡᠭ ᠢᠶᠠᠨ ᠦᠭᠴᠣ ᠲᠡᠶᠢᠯᠬᠦ ᠦᠬᠡᠢ | ᠪᠣᠯᠳᠠᠭ᠃ ᠡᠨᠡ ᠦᠶ᠎ᠡ ᠪᠡᠶᠠᠨ ᠠᠶᠢᠯ᠂ ᠠᠬ᠎ᠠ | ᠲᠡᠭᠦᠣ ᠲᠦᠷᠦᠯ ᠰᠠᠳᠣᠨ ᠳᠠᠭᠠᠨ ᠰᠠᠪᠠ ᠲᠡᠭᠡᠵᠢ | ᠲᠠᠯᠪᠢᠵᠣ ᠰᠠᠭᠠᠯᠢ ᠭᠤᠶᠣᠬᠤ ᠶᠣᠰᠣ ᠪᠣᠢ᠃ | ᠲᠡᠭᠡᠪᠡᠯ ᠲᠠᠶᠠᠭᠠᠷ ᠬᠠᠷᠢᠯᠴᠠᠨ ᠲᠡᠮᠵᠢᠵᠣ ᠬᠠᠮᠳᠣ | ᠪᠠᠷ ᠪᠦᠳᠦᠭᠡᠳᠡᠭ᠃ | ᠠᠶᠢᠯ ᠪᠣᠯᠭᠠᠨ ᠠᠳᠠᠯᠢ ᠦᠬᠡᠢ᠂ ᠠᠷᠪᠠᠨ | ᠬᠤᠷᠣᠭᠤ ᠲᠡᠭᠰᠢ ᠦᠬᠡᠢ ᠭᠡᠭᠴᠢ ᠪᠠᠷ ᠲᠣᠮᠣ | ᠪᠠᠶᠠᠨ ᠡᠷᠦᠭᠡ ᠨᠢ ᠲᠠᠪᠣᠨ ᠬᠤᠰᠢᠭᠤ ᠮᠠᠯ ᠢᠶᠠᠨ | ᠲᠦᠬᠦᠮ ᠢᠶᠠᠷ ᠬᠡᠮᠵᠢᠬᠦᠷ ᠪᠣᠯᠭᠠᠨ ᠵᠡᠯ᠎ᠡ | ᠲᠦᠬᠦᠷᠡᠩ ᠡᠩᠨᠡᠬᠦᠯᠦᠨ ᠬᠤᠯᠪᠣᠭᠠᠳ ᠬᠡᠣᠬᠡᠨ | ᠲᠠᠯ᠎ᠠ ᠶᠢᠨ ᠲᠦᠷᠦᠯ ᠰᠢᠯᠢᠵᠣ ᠰᠣᠩᠭᠤᠬᠤ ᠶᠢ | ᠬᠦᠯᠢᠶᠡᠨ᠎ᠡ᠃ ᠵᠠᠷᠢᠮ ᠠᠶᠢᠯ ᠨᠢ ᠭᠠᠷ ᠨᠢᠮᠭᠡᠨ | ᠭᠠᠨᠵᠤᠭ᠎ᠠ ᠰᠣᠯᠠ ᠪᠣᠯᠬᠤᠷ ᠴᠦᠬᠡᠨ ᠲᠣᠭᠠᠨ ᠤ | ᠮᠠᠯ ᠢᠶᠠᠨ ᠵᠡᠯ᠎ᠡ ᠲᠡᠭᠡᠷ᠎ᠡ ᠪᠠᠨ ᠬᠠᠳᠠᠭ ᠵᠡᠭᠦᠵᠣ | ᠬᠤᠯᠪᠣᠭᠠᠳ ᠬᠡᠣᠬᠡᠨ ᠢᠶᠠᠨ ᠦᠭᠬᠦ ᠠᠶᠢᠯ ᠤᠨ | ᠵᠦᠪ ᠢᠶᠠᠷ ᠦᠵᠡᠵᠣ ᠵᠦᠬᠡᠯᠡᠨ ᠢᠶᠠᠷ ᠲᠣᠩᠭᠠᠬᠤ | ᠶᠢ ᠬᠠᠷᠠᠳᠠᠭ ᠠᠵᠢ᠃ ᠶᠡᠷᠦ ᠨᠢ ᠢᠷᠡᠬᠦ ᠳᠡᠭᠡᠨ | ᠮᠠᠯ ᠤᠨ ᠵᠡᠯᠡᠨ ᠲᠡᠬᠡᠷ᠎ᠡ ᠣᠴᠢᠳᠠᠭ ᠦᠬᠡᠢ᠂ | ᠰᠢᠭᠤᠳ ᠭᠡᠷ ᠲᠤ ᠣᠷᠣᠵᠣ ᠠᠮᠣᠷ ᠮᠡᠨᠳᠣ | ᠭᠦᠷᠭᠡᠵᠣ᠂ ᠲᠡᠭᠡᠵᠢ ᠪᠡᠯᠡᠭ ᠲᠠᠯᠪᠢᠭᠠᠳ | ᠬᠤᠶᠠᠳᠠᠬᠢ ᠴᠠᠢ ᠪᠠᠨ ᠤᠤᠭᠤᠭᠰᠠᠨ ᠤ ᠲᠠᠷᠠᠭ᠎ᠠ | ᠬᠤᠶᠠᠷ ᠲᠠᠯ᠎ᠠ ᠶᠢᠨ ᠲᠦᠷᠦᠯ᠂ ᠮᠠᠯ ᠪᠤᠳᠠ | ᠲᠣᠰᠢᠶᠠᠬᠤ ᠶᠣᠰᠣᠯᠠᠯ ᠢᠶᠠᠨ ᠬᠢᠳᠡᠭ᠃ | ᠮᠠᠯ ᠪᠤᠳᠠ ᠲᠣᠰᠢᠶᠠᠬᠤ ᠶᠣᠰᠣᠯᠠᠯ | ᠲᠡᠭᠡᠷ᠎ᠡ ᠬᠦᠪᠡᠬᠦᠨ ᠤ ᠲᠠᠯ᠎ᠠ ᠠᠴᠠ ᠴᠠᠭᠠᠨᠳᠠᠢ ︵ | ᠴᠠᠭᠠᠨ ᠢᠳᠡᠭᠡᠨ︶ ᠪᠠᠷᠢᠵᠣ ᠮᠠᠯ ᠰᠢᠯᠢᠬᠦᠯᠬᠦ ᠪᠠᠷ | ᠵᠠᠯᠠᠨ᠎ᠠ᠃ ᠬᠡᠣᠬᠡᠨ ᠤ ᠲᠠᠯ᠎ᠠ ᠶᠢᠨ ᠬᠢᠨ ᠰᠢᠯᠢᠵᠣ | ᠰᠣᠩᠭᠤᠭᠰᠠᠨ ᠮᠠᠯ ᠢᠶᠠᠨ ᠵᠡᠯ᠎ᠡ ᠲᠡᠭᠡᠷ᠎ᠡ ᠪᠠᠨ | ᠦᠯᠡᠳᠡᠭᠡᠵᠣ ᠲᠡᠮᠳᠡᠭ ︵ᠬᠡᠶᠢᠰᠦ︶ ᠢᠶᠠᠨ | ᠲᠠᠯᠪᠢᠳᠠᠭ᠃ ᠲᠣᠰ ᠡᠳᠦᠷ ᠡᠩᠳᠣ ᠲᠣᠷᠭ᠎ᠠ | ᠪᠣᠶᠣ ᠪᠦᠰ᠂ ᠵᠠᠭᠠᠮᠠᠳᠣ ᠲᠡᠪᠡᠯ᠂ ᠮᠦᠩᠬᠦᠨ | ᠵᠣᠭᠤᠰ᠂ ᠪᠣᠳᠠ ᠪᠣᠭ ᠮᠠᠯ ᠢᠶᠠᠨ ᠬᠡᠯᠡᠯᠴᠡᠭᠡᠷ | ᠶᠣᠰᠣᠭᠠᠷ ᠲᠣᠰᠢᠶᠠᠵᠣ ᠢᠯᠭᠠᠷᠠᠨ᠎ᠠ᠃ ᠬᠡᠣᠬᠡᠨ ᠤ | ᠲᠠᠯ᠎ᠠ ᠶᠢᠨ ᠬᠢᠨ ︽ᠠᠯᠲᠠ ᠶᠢ ᠨᠢ ᠠᠪᠣᠭᠠᠳ | ᠠᠪᠳᠠᠷ᠎ᠠ ᠶᠢ ᠬᠤᠭᠤᠰᠣᠨ ᠬᠠᠶᠠᠬᠤ ᠶᠣᠰᠣ ᠦᠬᠡᠢ | ︾ ᠭᠡᠳᠡᠭ ᠴᠢᠩᠭ᠎ᠠ ᠴᠡᠭᠡᠷᠯᠡᠯ ᠢᠶᠠᠷ ᠵᠠᠪᠠᠯ ᠵᠡᠯ᠎ᠡ | ᠪᠣᠯᠣᠨ ᠬᠤᠳᠠ ᠳᠤᠨᠢ ᠪᠣᠳᠠ ᠪᠣᠭ ᠮᠠᠯ | ᠦᠯᠡᠳᠡᠭᠡᠵᠣ᠂ ᠠᠪᠳᠠᠷ᠎ᠠ ᠳᠤᠨᠢ ᠮᠦᠩᠬᠦ ᠵᠣᠭᠤᠰ | ᠦᠯᠡᠳᠡᠭᠡᠬᠦ ᠶᠣᠰᠣ ᠪᠣᠢ᠃ ᠵᠠᠷᠢᠮ ᠬᠡᠣᠬᠡᠨ ᠤ | ᠲᠠᠯ᠎ᠠ ᠶᠢᠨ ᠬᠢᠨ ᠬᠡᠣᠬᠡᠨ ᠳᠡᠭᠡᠨ ᠦᠮᠴᠢ ᠬᠤᠪᠢ | ᠪᠣᠯᠭᠠᠵᠣ ᠲᠡᠮᠳᠡᠭ ︵ᠬᠡᠶᠢᠰᠦ︶ ᠲᠠᠯᠪᠢᠭᠰᠠᠨ ᠮᠠᠯ | ᠢᠶᠠᠨ ᠣᠷᠬᠢᠴᠢᠬᠠᠭᠠᠳ ᠶᠠᠪᠣᠬᠤ ᠴᠣ᠋ ᠪᠣᠢ᠃ | ᠢᠩᠬᠢᠵᠣ ᠬᠤᠶᠠᠷ ᠲᠠᠯ᠎ᠠ ᠪᠠᠷ ᠢᠶᠠᠨ ᠮᠠᠯ ᠢᠶᠠᠨ | ᠲᠣᠰᠢᠶᠠᠵᠣ᠂ ᠭᠡᠷ ᠲᠤ ᠣᠷᠣᠨ ᠰᠠᠨᠠᠭ᠎ᠠ | ᠲᠡᠨᠢᠬᠦᠨ ᠨᠠᠶᠢᠷᠯᠠᠵᠣ᠂ ᠬᠤᠷᠢᠮ ᠤᠨ ᠡᠳᠦᠷ | ᠦᠵᠡᠬᠦᠯᠬᠦ ᠪᠠᠨ ᠲᠣᠭᠳᠠᠳᠠᠭ᠃ | ᠬᠤᠷᠢᠮ ᠤᠨ ᠡᠳᠦᠷ ᠦᠵᠡᠬᠦᠯᠬᠦ ᠳᠤ | ᠬᠤᠷᠢᠮ ᠤᠨ ᠡᠳᠦᠷ ᠦᠵᠡᠬᠦ ᠪᠠᠭᠰᠢ ᠶᠢ ᠬᠤᠶᠠᠷ | ᠲᠠᠯ᠎ᠠ ᠪᠠᠷ ᠢᠶᠠᠨ ᠬᠡᠯᠡᠯᠴᠡᠵᠣ᠂ ᠶᠠᠮᠠᠷ ᠬᠦᠮᠦᠨ | ᠢᠶᠠᠷ ᠦᠵᠡᠬᠦᠯᠬᠦ ᠪᠠᠨ ᠲᠣᠭᠳᠠᠭᠰᠠᠨ ᠤ ᠲᠠᠷᠠᠭ᠎ᠠ᠂ | ᠬᠦᠪᠡᠬᠦᠨ ᠤ ᠲᠠᠯ᠎ᠠ ᠠᠴᠠ ᠲᠡᠭᠡᠵᠢ ᠪᠡᠯᠡᠭ | ᠭᠠᠷᠭᠠᠵᠣ᠂ ᠡᠳᠦᠷ ᠦᠵᠡᠬᠦᠯᠬᠦ ᠶᠠᠪᠣᠴᠠ ᠶᠢ | ᠬᠠᠷᠢᠭᠤᠴᠠᠨ ᠬᠦᠢᠴᠡᠳᠭᠡᠳᠡᠭ᠃ | ᠬᠤᠷᠢᠮ ᠤᠨ ᠡᠳᠦᠷ ᠦᠵᠡᠬᠦ ᠪᠠᠭᠰᠢ | ᠠᠴᠠ ᠬᠡᠣᠬᠡᠨ ᠤ ᠶᠡᠭᠡ ᠪᠠᠭ᠎ᠠ ᠬᠤᠶᠠᠷ | ᠦᠯᠵᠡᠶᠢᠳᠦ ᠰᠠᠷ᠎ᠠ ᠶᠢ ᠨᠢ ᠦᠵᠡᠵᠣ ᠪᠠᠶᠢᠭᠠᠳ᠂ | ᠠᠯᠢ ᠰᠠᠷ᠎ᠠ ᠶᠢᠨ ᠬᠡᠳᠦᠨ ᠤ ᠡᠳᠦᠷ ᠠᠯᠢ ᠠᠯᠢ | ᠲᠠᠯ᠎ᠠ ᠶᠢᠨ ᠬᠢᠨ ᠶᠠᠮᠠᠷ ᠶᠠᠮᠠᠷ ᠲᠣᠮ ᠲᠣᠰᠠ | ᠬᠢᠯᠬᠡᠬᠦ᠂ ᠨᠢᠭᠤᠷ ᠭᠠᠷ ᠣᠬᠢᠶᠠᠬᠤ᠂ ᠶᠠᠮᠠᠷ ᠶᠣᠰᠣ | ᠶᠢ ᠨᠢ ᠠᠯᠢ ᠴᠠᠭ ᠲᠤ ᠬᠢᠬᠦ᠂ ᠰᠢᠨ᠎ᠡ ᠪᠡᠷᠢ ᠨᠢ | ᠶᠠᠮᠠᠷ ᠦᠩᠬᠡ ᠶᠢᠨ ᠬᠤᠪᠴᠠᠰᠣ ᠡᠮᠦᠰᠴᠣ᠂ | ᠶᠠᠮᠠᠷ ᠵᠢᠰᠦᠮ ᠤᠨ ᠮᠣᠷᠢ ᠣᠨᠣᠵᠣ᠂ ᠠᠯᠢ ᠵᠦᠭ | ᠬᠠᠨᠳᠣᠵᠣ ᠮᠣᠷᠳᠠᠭᠠᠳ᠂ ᠠᠯᠢ ᠵᠦᠭ ᠬᠠᠨᠳᠣᠵᠣ | ᠪᠠᠭᠤᠬᠤ︔ ᠠᠯᠢ ᠵᠦᠭ ᠬᠠᠨᠳᠣᠵᠣ ᠰᠢᠷᠢᠭ | ᠠᠯᠬᠤᠭᠤᠯᠬᠤ᠂ ᠶᠠᠮᠠᠷ ᠵᠢᠯ ᠲᠠᠢ ᠬᠦᠮᠦᠨ | ᠪᠡᠷᠭᠡᠯᠡᠵᠣ ᠲᠣᠯᠭ᠎ᠠ ᠲᠣᠯᠬᠤ᠂ ᠶᠠᠮᠠᠷ ᠵᠢᠯ ᠲᠠᠢ | ᠬᠦᠮᠦᠨ ᠭᠠᠯ ᠰᠢᠳᠠᠭᠠᠬᠤ᠂ ᠶᠠᠮᠠᠷ ᠵᠢᠯ ᠲᠠᠢ | ᠬᠦᠮᠦᠨ ᠢᠳᠡᠭᠡᠨ ᠢᠳᠡᠬᠦᠯᠬᠦ ᠬᠦᠷᠳᠡᠯ᠎ᠡ ᠨᠠᠷᠢᠨ | ᠦᠵᠡᠨ᠎ᠡ᠃ | ᠬᠤᠷᠢᠮ ᠤᠨ ᠪᠦᠬᠦᠳᠡ ᠦᠢᠯᠡ | ᠲᠣᠭᠳᠠᠭᠰᠠᠨ ᠡᠨᠡ ᠶᠣᠰᠣᠭᠠᠷ ᠶᠠᠪᠣᠭᠳᠠᠬᠤ | ᠪᠣᠯᠣᠨ᠎ᠠ᠃ | ᠨᠠᠢᠮᠠ᠂ ᠦᠰᠦ ᠲᠠᠯᠪᠢᠬᠤ ᠶᠣᠰᠣ | ᠬᠤᠶᠠᠷ ᠲᠠᠯ᠎ᠠ ᠶᠢᠨ ᠲᠦᠷᠦᠯ ᠣᠷᠤᠭ | ᠬᠤᠷᠢᠮ ᠲᠣᠭᠳᠠᠭᠰᠠᠨ ᠲᠠᠷᠠ ᠡᠳᠦᠷ ᠠᠴᠠ | ᠬᠤᠶᠢᠰᠢ ︽ᠦᠰᠦ ᠲᠠᠯᠪᠢᠬᠤ ᠶᠤᠰᠣᠯᠠᠯ︾᠂ ︽ | ᠭᠡᠵᠢᠭᠡ ᠬᠦᠷᠦᠬᠦ ᠶᠤᠰᠣᠯᠠᠯ︾ ᠭᠡᠵᠤ ᠬᠡᠣᠬᠡᠨ ᠤ | ᠲᠠᠯ᠎ᠠ ᠳᠤ ᠬᠦᠢᠴᠡᠳᠬᠡᠳᠡᠭ᠃ | ᠬᠡᠣᠬᠡᠨ ᠬᠦᠮᠦᠨ ᠬᠤᠶᠠᠷ ᠰᠠᠯᠠᠭ᠎ᠠ | ᠭᠡᠵᠢᠬᠡ ᠬᠦᠷᠦᠵᠣ᠂ ᠦᠰᠦᠨ ᠤ ᠬᠢᠨᠢ ᠵᠠᠬ᠎ᠠ | ᠪᠣᠱᠤᠭ ᠢ ᠬᠤᠰᠣᠵᠣ ᠪᠠᠶᠢᠭᠰᠠᠨ ᠪᠤᠯ ᠬᠡᠣᠬᠡᠨ | ᠮᠢᠨᠢ ᠪᠡᠶ᠎ᠡ ᠵᠡᠷᠭᠡ ᠳᠤ ᠬᠦᠷᠴᠡᠢ᠂ ᠮᠠᠨ ᠤ | ᠬᠡᠣᠬᠡᠨ ᠲᠠᠯ᠎ᠠ ᠭᠠᠷᠣᠭᠰᠠᠨ ᠭᠡᠵᠣ ᠦᠰᠦ ᠶᠢ ᠨᠢ | ᠬᠤᠰᠣᠬᠤ ᠪᠠᠨ ᠪᠣᠯᠢᠵᠣ᠂ ᠬᠤᠶᠠᠷ ᠰᠠᠯᠠᠭ᠎ᠠ | ᠭᠡᠵᠢᠭᠡ ᠶᠢ ︽ᠭᠡᠵᠢᠭᠡ ᠬᠦᠷᠦᠬᠦ ᠶᠣᠰᠣ︾ ᠪᠠᠷ | ᠬᠤᠶᠢᠰᠢ ᠪᠠᠨ ᠨᠢᠬᠡ ᠯᠠ ᠪᠦᠳᠦᠬᠦᠨ ᠭᠡᠵᠢᠬᠡ | ᠬᠦᠷᠦᠨ᠎ᠡ᠃ | ᠦᠰᠦ ᠲᠠᠯᠪᠢᠵᠣ ᠭᠡᠵᠢᠬᠡ ᠬᠦᠷᠦᠭᠰᠡᠨ | ᠬᠡᠣᠬᠡᠨ ᠢ ᠶᠡᠬᠡᠴᠣᠳ ᠨᠢ ᠬᠤᠷᠢᠮ ᠬᠢᠬᠦ ᠪᠣᠯᠳᠠᠯ᠎ᠠ | ᠭᠠᠳᠠᠭᠰᠢ ᠲᠣᠷ᠎ᠠ ᠪᠠᠷ ᠶᠠᠪᠣᠭᠤᠯᠬᠤ ᠦᠬᠡᠢ᠃ | ᠦᠬᠡᠷ᠎ᠡ ᠪᠣᠰᠣᠳ ᠦᠵᠡᠭᠰᠡᠨ ᠴᠣ᠋ ︽ᠬᠠᠳᠠᠮ | ᠲᠠᠢ ᠬᠡᠣᠬᠡᠨ︾᠂ ︽ᠲᠠᠯ᠎ᠠ ᠭᠠᠷᠣᠭᠰᠠᠨ ᠬᠡᠣᠬᠡᠨ | ︾ ᠭᠡᠳᠡᠭ ᠢ ᠮᠡᠳᠡᠨ᠎ᠡ᠃ | ᠠᠪᠤ ᠡᠵᠢ ᠨᠢ ᠬᠡᠣᠬᠡᠨ ᠢᠶᠠᠨ ᠲᠦᠷᠦᠭᠰᠡᠨ | ᠨᠠᠭᠠᠴᠣ ᠪᠠ ᠠᠪᠠᠭ᠎ᠠ ᠶᠢᠨ ᠬᠢᠨ ᠳᠤᠨᠢ | ᠲᠣᠰᠬᠠᠶᠢᠯᠠᠨ ᠮᠣᠷᠢ ᠤᠨᠤᠭ᠎ᠠ ᠪᠡᠯᠡᠳᠭᠡᠵᠣ | ᠲᠣᠭᠤᠷᠢᠭᠤᠯᠳᠠᠭ᠃ ᠡᠨᠡ ᠨᠢ ᠬᠠᠳᠠᠮ ᠤᠨ | ᠬᠠᠮᠢᠶᠠᠷᠣᠯ ᠢ ᠣᠯᠬᠤ ᠠᠴᠠ ᠡᠮᠦᠨ᠎ᠡ ᠵᠠᠪᠳᠣᠵᠣ | ᠶᠠᠪᠣᠵᠣ ᠪᠠᠶᠢᠭ᠎ᠠ ᠶᠣᠮ ᠭᠡᠨ᠎ᠡ᠃ ᠠᠪᠠᠭ᠎ᠠ | ᠨᠠᠭᠠᠴᠣ ᠨᠠᠷ ᠨᠢ ᠬᠠᠷᠢ ᠳᠤ ᠮᠣᠷᠳᠠᠬᠤ ᠬᠡᠣᠬᠡᠨ | ᠳᠡᠭᠡᠨ ᠠᠯᠢ ᠪᠠᠶᠢᠭᠰᠠᠨ ᠰᠠᠶᠢᠨ ᠰᠠᠶᠢᠬᠠᠨ | ᠠᠮᠳᠠᠳᠠᠢ ᠪᠠᠨ ᠢᠳᠡᠭᠦᠯᠵᠣ ᠰᠣᠷᠭᠠᠯ ᠬᠠᠶᠢᠷᠠᠯᠠᠵᠣ | ᠂ ᠬᠡᠣᠬᠡᠨ ᠮᠢᠨᠢ ᠬᠠᠷᠢ ᠳᠤ ᠣᠴᠢᠭᠰᠠᠨ ᠤ | ᠲᠠᠷᠠᠭ᠎ᠠ ᠪᠡᠶ᠎ᠡ ᠪᠠᠨ ᠠᠪᠴᠣ ᠬᠠᠳᠠᠮ ᠤᠨ ᠶᠣᠰᠣ | ᠵᠢᠷᠣᠮ ᠢ ᠰᠠᠬᠢ︕ ᠬᠠᠳᠠᠮ ᠢᠶᠠᠨ ᠬᠦᠨᠳᠦᠯᠡᠵᠣ᠂ | ᠡᠷ᠎ᠡ ᠨᠦᠬᠦᠷ ᠢᠶᠠᠨ ᠬᠦᠨᠳᠦᠯᠡᠵᠣ ᠴᠢᠭᠴᠢ | ᠵᠢᠷᠦᠮ ᠲᠠᠢ᠂ ᠲᠡᠭᠦᠣ ᠨᠠᠷ ᠬᠡᠣᠬᠡᠳ ᠲᠤ | ᠬᠠᠶᠢᠷᠠᠳᠠᠢ ᠶᠠᠪᠤ᠃ ᠬᠡᠣᠬᠡᠨ ᠮᠢᠨᠢ ᠠᠶᠢᠯ ᠤᠨ | ᠡᠬᠦᠳᠡ ᠶᠢ ᠲᠠᠳᠠᠵᠣ ᠣᠰᠦ ᠬᠤᠷᠤᠭ᠎ᠠ ᠭᠡᠬᠦ | ᠨᠠᠷᠢᠨ ᠶᠤᠰᠣ ᠣᠴᠢᠷ ᠢ ᠬᠡᠯᠡᠬᠦ ᠶᠢᠨ ᠵᠡᠷᠭᠡ | ᠠᠪᠳᠠᠷ᠎ᠠ ᠬᠤᠷᠭᠤ ᠳᠠᠭᠠᠨ ᠨᠠᠨᠳᠢᠩᠨᠠᠨ ᠬᠤᠷᠢᠶᠠᠵᠣ | ᠪᠠᠶᠢᠭᠰᠠᠨ ᠲᠣᠯᠣᠭᠠᠢ ᠶᠢᠨ ᠵᠠᠰᠠᠯ ᠵᠡᠷᠭᠡ ᠦᠨᠡᠳᠦ | ᠮᠦᠩᠬᠦ ᠱᠢᠷᠣ ᠠᠴᠠ ᠪᠠᠨ ᠨᠢᠬᠡ ᠬᠤᠶᠠᠷ ᠢ ᠨᠢ | ᠪᠡᠯᠡᠭᠯᠡᠨ ᠦᠭᠳᠡᠭ ᠪᠠᠶᠢᠨ᠎ᠠ᠃ | ᠶᠢᠰᠦ᠂ ᠣᠷᠤᠭ ᠪᠣᠴᠠᠬᠤ ᠶᠣᠰᠣ | ᠰᠠᠮᠪᠠᠢ ᠬᠠᠳᠠᠭ ᠲᠠᠳᠠᠵᠣ ᠲᠠᠯᠪᠢᠭᠰᠠᠨ ᠤ | ᠲᠠᠷᠠᠭ᠎ᠠ ᠣᠷᠤᠭ ᠪᠣᠴᠠᠬᠤ ᠶᠠᠪᠣᠳᠠᠯ ᠡᠩ ᠤᠨ | ᠪᠠᠶᠢᠳᠠᠯ ᠲᠣᠣᠷ᠎ᠠ ᠭᠠᠷᠳᠠᠭ ᠦᠬᠡᠢ᠃ ᠬᠡᠪᠡᠴᠦ | ᠬᠤᠶᠠᠷ ᠲᠠᠯ᠎ᠠ ᠶᠢᠨ ᠠᠯᠢ ᠨᠢᠭᠡᠨ ᠳᠤᠨᠢ ᠰᠠᠨᠠᠭᠠᠨ | ᠳᠤ ᠪᠣᠰᠣ ᠣᠴᠠᠷᠠᠯ ᠲᠣᠬᠢᠶᠠᠯᠳᠣᠬᠤ᠂ ᠮᠠᠯ | ᠮᠦᠩᠬᠦ ᠬᠡᠯᠡᠯᠴᠡᠵᠣ ᠲᠣᠬᠢᠷᠠᠬᠤ ᠦᠬᠡᠢ᠂ | ᠬᠠᠷᠢᠴᠠᠭ᠎ᠠ ᠡᠪᠳᠡᠷᠡᠪᠡᠯ ᠬᠠᠶᠠ ᠪᠠᠰᠠ ᠣᠷᠤᠭ | ᠪᠣᠴᠠᠬᠤ ᠦᠵᠡᠭᠳᠡᠯ ᠭᠠᠷᠳᠠᠭ ᠰᠠᠨ᠃ | ᠣᠷᠤᠭ ᠪᠣᠴᠠᠬᠤ ᠳᠤ ᠬᠦᠷᠪᠡᠯ ᠬᠠᠳᠠᠭ ᠲᠠᠳᠠᠵᠣ | ᠣᠷᠤᠭ ᠲᠣᠭᠳᠠᠬᠤ ᠳᠤ ᠲᠠᠯᠪᠢᠭᠰᠠᠨ ᠰᠠᠪᠠ | ᠲᠡᠭᠡᠵᠢ ᠶᠢ ᠨᠢ ᠵᠠᠭᠤᠴᠢ ᠶᠢᠨ ᠬᠦᠮᠦᠨ ᠢᠶᠠᠷ | ᠲᠠᠮᠵᠢᠭᠤᠯᠵᠣ᠂ ᠬᠠᠳᠠᠭ ᠲᠠᠳᠠᠨ ︽ᠰᠠᠪᠠ | ᠰᠡᠷᠭᠦᠭᠡᠪᠡ︾ ᠭᠡᠮᠡᠨ ᠪᠣᠴᠠᠭᠠᠵᠣ ᠥᠭᠬᠦ ᠶᠣᠰᠣ | ᠪᠤᠢ᠃ | ᠠᠷᠪᠠ᠂ ᠨᠡᠷ᠎ᠡ ᠵᠢᠭᠠᠬᠤ ᠶᠣᠰᠣ | ᠣᠷᠳᠣᠰ ᠤᠨ ᠬᠠᠩᠬᠢᠨ ᠬᠤᠷᠢᠮ ᠳᠤ | ᠨᠡᠷ᠎ᠡ ᠵᠢᠭᠠᠵᠣ᠂ ᠬᠡᠣᠬᠡᠨ ᠢᠶᠠᠨ ᠠᠮᠢ ᠦᠬᠡᠢ ᠡᠳ᠋ | ᠪᠣᠳᠠᠰ ᠲᠤ ᠰᠢᠷᠪᠢᠬᠦᠯᠬᠦ ᠶᠣᠰᠣ ᠵᠢᠷᠦᠮ ᠪᠤᠢ᠃ | ᠡᠭᠦᠨ ᠢ ᠬᠠᠩᠭᠢᠨ ᠳᠤ ︽ᠬᠡᠣᠬᠡᠨ ᠰᠢᠷᠪᠢᠬᠦᠯᠬᠦ︾ | ᠭᠡᠵᠣ ᠬᠡᠯᠡᠳᠡᠭ᠃ | ᠬᠡᠣᠬᠡᠨ ᠰᠢᠷᠪᠢᠬᠦᠯᠬᠦ ᠣᠷᠤᠭ ᠪᠣᠯ ᠰᠢᠷ᠎ᠠ | ᠶᠢᠨ ᠱᠠᠰᠢᠨ ᠮᠣᠩᠭᠤᠯ ᠨᠣᠳᠤᠭ ᠲᠤ ᠲᠡᠯᠭᠡᠷᠡᠵᠣ᠂ | ᠯᠠᠮᠠ ᠣᠯᠠᠰᠢᠷᠠᠨ ᠡᠷ᠎ᠡ ᠪᠦᠰᠡᠳᠡᠢ ᠬᠦᠮᠦᠨ | ᠲᠣᠳᠠᠭᠳᠠᠵᠣ᠂ ᠡᠮᠡᠭᠳᠡᠶᠢᠴᠣᠳ ᠠᠮᠢᠳᠣᠷᠠᠯ ᠤᠨ | ᠡᠷᠭᠡ ᠴᠢᠯᠦᠭᠡ ᠪᠠᠨ ᠠᠯᠳᠠᠭᠰᠠᠨ ᠨᠢᠭᠡ ᠵᠦᠢᠯ | ᠤᠨ ᠭᠤᠨᠢᠭᠳᠣ ᠣᠷᠤᠭ ᠬᠤᠷᠢᠮ ᠪᠣᠯᠣᠨ᠎ᠠ᠃ | ᠬᠡᠣᠬᠡᠨ ᠬᠦᠮᠦᠨ ᠢ ᠨᠡᠷ᠎ᠡ ᠵᠢᠭᠠᠵᠣ | ᠰᠢᠷᠪᠢᠬᠦᠯᠬᠦ ᠭᠡᠳᠡᠭ ᠨᠢ ᠶᠡᠬᠡᠴᠣᠳ ᠠᠴᠠ ᠬᠡᠣᠬᠡᠨ | ᠢᠶᠠᠨ ᠶᠠᠮᠠᠷ ᠨᠢᠭᠡᠨ ᠠᠶᠢᠯ ᠤᠨ ᠵᠠᠯᠠᠭᠤ ᠳᠤ ᠨᠡᠷ᠎ᠡ | ᠵᠢᠭᠠᠵᠣ ᠪᠡᠷᠢ ᠪᠣᠯᠭᠠᠬᠤ ᠪᠢᠰᠢ᠂ ᠬᠠᠷᠢᠨ ᠭᠡᠷ ᠤᠨ | ᠡᠳ᠋ ᠪᠣᠳᠠᠰ ᠲᠤ ᠨᠡᠷ᠎ᠡ ᠵᠢᠭᠠᠵᠣ ᠦᠭᠬᠦᠭᠡᠳ | ᠬᠤᠪᠢ ᠵᠠᠶᠠᠭ᠎ᠠ ᠶᠢ ᠨᠢ ᠦᠨᠢᠳᠡ ᠬᠤᠯᠪᠣᠳᠠᠭ | ᠶᠣᠰᠣ ᠵᠢᠷᠦᠮ᠃ ᠲᠠᠷᠣᠢ ᠬᠡᠣᠬᠡᠨ ᠬᠦᠮᠦᠨ | ᠣᠷᠣᠭᠯᠠᠬᠤ ᠨᠠᠰᠣ ᠬᠦᠷᠦᠭᠡᠳ ᠠᠶᠢᠯ ᠤᠨ ᠪᠡᠷᠢ | ᠪᠣᠯᠵᠣ ᠭᠠᠷᠬᠤ ᠦᠬᠡᠢ ᠪᠣᠯᠪᠠᠯ ᠠᠪᠤ ᠡᠵᠢ ᠨᠢ | ᠡᠵᠡᠨ ᠮᠡᠳᠡᠵᠣ ᠬᠡᠣᠬᠡᠨ ᠤ ᠪᠠᠨ ᠦᠰᠦ ᠶᠢ ᠨᠢ | ᠬᠠᠭᠠᠯᠵᠣ ᠵᠡᠭᠦᠬᠡ ᠲᠠᠷᠣᠭᠤᠯᠭᠠ ᠵᠡᠬᠦᠯᠬᠡᠨ᠂ ︽ | ᠮᠣᠳᠣᠨ ᠳᠤ ᠰᠢᠷᠪᠢᠬᠦᠯᠬᠦ︾᠂ ︽ᠲᠣᠭᠤᠭ᠎ᠠ | ᠰᠢᠨᠠᠭᠠᠨ ᠳᠤ ᠰᠢᠷᠪᠢᠬᠦᠯᠬᠦ︾᠂ ︽ᠰᠢᠯᠡᠭᠡᠭᠦᠷ | ᠮᠣᠳᠣᠨ ᠳᠤ ᠰᠢᠷᠪᠢᠬᠦᠯᠬᠦ︾ ᠵᠡᠷᠭᠡ ᠠᠮᠢ ᠦᠬᠡᠢ | ᠡᠳ᠋ ᠪᠣᠳᠠᠰ ᠲᠤ ᠰᠢᠷᠪᠢᠭᠦᠯᠳᠡᠭ᠃ ᠬᠡᠣᠬᠡᠨ | ᠬᠦᠮᠦᠨ ᠲᠡᠭᠡᠭᠡᠳ ᠠᠮᠢ ᠭᠤᠣᠯ ᠦᠬᠡᠢ ᠪᠣᠳᠠᠰ | ᠤᠨ ᠡᠬᠡᠨᠡᠷ ᠨᠢ ᠪᠣᠯᠣᠨ᠎ᠠ᠃ | ᠡᠵᠡᠷᠭᠡᠭ ᠬᠠᠭᠤᠴᠢᠨ ᠨᠡᠶᠢᠬᠡᠮ ᠳᠤ | ᠬᠡᠣᠬᠡᠨ ᠢᠶᠠᠨ ᠢᠩᠬᠢᠵᠣ ᠪᠤᠳᠠᠰ ᠲᠤ ᠰᠢᠷᠪᠢᠬᠦᠯᠬᠦ | ᠳᠤ ᠲᠠᠶᠢᠵᠢ ᠪᠠ ᠬᠠᠷᠢᠶ᠎ᠠ ᠰᠣᠮᠣ ᠪᠠᠷ ᠵᠠᠬᠢᠭᠤᠯᠵᠣ | ᠵᠦᠪᠰᠢᠶᠡᠷᠡᠯ ᠠᠪᠬᠤ ᠶᠣᠰᠣ ᠲᠠᠢ᠃ ᠬᠡᠣᠬᠡᠨ | ᠬᠦᠮᠦᠨ ᠶᠠᠮᠠᠷ ᠨᠢᠭᠡᠨ ᠡᠳ᠋ ᠪᠣᠳᠠᠰ ᠲᠤ | ᠰᠢᠷᠪᠢᠬᠦᠯᠦᠭᠰᠡᠨ ᠪᠤᠯ ᠲᠠᠷᠣᠢ ᠲᠡᠷᠡ ᠵᠦᠢᠯ ᠤᠨ | ᠡᠳ᠋ ᠪᠣᠳᠠᠰ ᠨᠢ ᠲᠡᠭᠦᠨ ᠤ ᠡᠷ᠎ᠡ ᠨᠦᠬᠦᠷ ᠲᠤ | ᠲᠣᠭᠠᠴᠠᠭᠳᠠᠵᠣ᠂ ᠲᠠᠬᠢᠭᠠᠳ ᠨᠠᠰᠣ ᠲᠣᠷᠰᠢᠳᠠ | ᠦᠬᠡᠷ᠎ᠡ ᠠᠶᠢᠯ ᠳᠤ ᠮᠣᠷᠳᠠᠵᠣ ᠪᠣᠯᠬᠤ ᠦᠬᠡᠢ | ᠪᠢᠯᠡ᠃ | | | |