​ᠨᠠᠷᠠ ᠪᠠ ᠨᠠᠮ —— ᠬᠦᠩᠭᠠᠷ
ᠨᠡᠶᠢᠲᠡᠯᠡᠭᠰᠡᠨ ᠴᠠᠭ᠄
2021/1/14

      ᠤᠷᠴᠢᠯᠠᠩ ᠤᠨ ᠬᠠᠷᠠᠩᠭᠤᠢ ᠶᠢ ᠭᠡᠶᠢᠭᠦᠯᠳᠡᠭ ᠨᠢ

      ᠠᠯᠲᠠᠨ ᠨᠠᠷᠠᠨ ᠤ ᠭᠡᠷᠡᠯ ᠪᠢᠯᠡ

      ᠤᠬᠠᠭᠠᠨ ᠪᠤᠳᠤᠯ ᠳᠤ ᠰᠢᠨ᠎ᠡ ᠶᠢ ᠤᠯᠭᠤᠳᠠᠭ ᠨᠢ

      ᠠᠭᠤᠤ ᠨᠠᠮ ᠤᠨ ᠢᠪᠡᠭᠡᠯ ᠪᠢᠯᠡ

      ᠨᠠᠷᠠ ᠭᠠᠷᠬᠤ ᠪᠠᠷ ᠬᠤᠷᠸ᠎ᠠ ᠰᠠᠷᠠᠭᠤᠯᠵᠢᠳᠠᠭ

      ᠨᠠᠮ ᠤᠨ ᠵᠢᠯᠤᠭᠤᠳᠤᠯᠭ᠎ᠠ ᠪᠠᠷ ᠲᠥᠷᠥ ᠮᠠᠨᠳᠤᠳᠠᠭ

      ᠨᠠᠷᠠ ᠢᠪᠡᠭᠡᠳᠡᠭ ᠠᠴᠠ ᠲᠥᠮᠡᠨ ᠪᠤᠳᠠᠰ ᠠᠮᠢᠯᠠᠳᠠᠭ

      ᠨᠠᠮ ᠪᠠᠶᠢᠳᠠᠭ ᠠᠴᠠ ᠲᠥᠮᠡᠨ ᠠᠷᠠᠳ ᠲᠠᠶᠢᠪᠤᠩᠵᠢᠳᠠᠭ

      ᠨᠠᠪᠴᠢ ᠴᠡᠴᠡᠭ ᠭᠤᠶᠤᠬᠠᠨ ᠭᠡᠳᠡᠭ ᠴᠦ

      ᠨᠠᠷᠠᠨ ᠤ ᠭᠡᠷᠡᠯ ᠠᠴᠠ ᠡᠨᠧᠷᠬᠢ ᠠᠪᠳᠠᠭ

      ᠨᠠᠭᠠᠰᠢ ᠲᠠᠢ ᠠᠮᠢᠳᠤᠷᠠᠯ ᠥᠭᠡᠳᠡᠯᠢᠭ ᠭᠡᠳᠡᠭ ᠴᠦ

      ᠨᠠᠮ ᠤᠨ ᠪᠤᠳᠤᠯᠭ᠎ᠠ ᠵᠥᠭᠯᠡᠬᠦᠷ ᠪᠤᠯᠳᠠᠭ

      ᠨᠠᠷᠠᠨ ᠤ ᠭᠡᠷᠡᠯ ᠬᠥᠷᠥᠰᠥ ᠰᠢᠷᠤᠢ ᠳᠤ ᠢᠯᠴᠢ ᠬᠠᠩᠭᠠᠭᠰᠠᠨ

      ᠨᠠᠮ ᠤᠨ ᠬᠠᠶᠢᠷ᠎ᠠ ᠠᠷᠠᠳ ᠲᠥᠮᠡᠨ ᠳᠤ ᠪᠠᠨ ᠳᠥᠰᠢᠭ ᠪᠤᠯᠤᠭᠰᠠᠨ

      ᠨᠠᠷᠠ ᠡᠷᠭᠢᠬᠦ ᠪᠠᠷ ᠤᠨ ᠵᠢᠯ ᠡᠭᠡᠯᠵᠢ ᠲᠠᠢ ᠪᠤᠯᠤᠭᠰᠠᠨ

      ᠨᠠᠮ ᠤᠳᠤᠷᠢᠳᠤᠭᠰᠠᠨ ᠠᠴᠠ ᠠᠵᠤ ᠠᠮᠢᠳᠤᠷᠠᠯ ᠴᠢᠨᠡᠭᠡᠯᠢᠭ ᠪᠤᠯᠤᠭᠰᠠᠨ

      ᠡᠳᠥᠷ ᠤᠨ ᠨᠠᠷᠠᠨ ᠤ ᠲᠤᠶᠠᠭ᠎ᠠ ᠶᠢ ᠤᠭᠲᠤᠬᠤ ᠳᠤ ᠪᠠᠨ

      ᠥᠳᠡᠰᠢ ᠶᠢᠨ ᠬᠠᠷᠠᠩᠭᠤᠢ ᠶᠢ ᠪᠤᠤ ᠯᠠ ᠮᠠᠷᠲᠠ

      ᠰᠠᠶᠢᠨ ᠤ ᠠᠮᠢᠳᠤᠷᠠᠯ ᠢ ᠡᠳ᠋ᠯᠡᠵᠥ ᠶᠠᠪᠤᠬᠤ ᠳᠤ ᠪᠠᠨ

      ᠰᠡᠷᠡᠮᠵᠢ ᠶᠢᠨ ᠪᠤᠳᠤᠯ ᠢᠶᠠᠨ ᠪᠤᠤ ᠯᠠ ᠤᠮᠠᠷᠳᠠ

      ᠡᠭᠦᠯᠡ ᠥᠭᠡᠢ ᠨᠠᠷᠠᠨ ᠡᠳᠥᠷ ᠤᠨ ᠳᠤᠷᠰᠢᠳᠠ ᠲᠤᠩᠭᠠᠯᠠᠭ

      ᠡᠪᠳᠡᠷᠡᠯ ᠥᠭᠡᠢ ᠨᠡᠶᠢᠬᠡᠮ ᠡᠨᠡ ᠬᠥᠷᠥᠨ ᠤ ᠬᠥᠭᠵᠢᠯ

      ᠡᠪ ᠬᠠᠮᠲᠤ ᠨᠠᠮ ᠤᠨ ᠢᠷᠡᠭᠡᠳᠥᠢ ᠶᠢᠨ ᠲᠥᠰᠥᠪ ᠲᠤᠳᠤᠬᠠᠨ

      ᠡᠶ᠎ᠡ ᠵᠤᠬᠢᠴᠠᠯᠲᠤ ᠨᠡᠶᠢᠬᠡᠮ ᠢᠷᠭᠡᠳ ᠠᠷᠠᠳ ᠤᠨ ᠪᠠᠶᠠᠰᠤᠯ

      ᠰᠠᠮᠪᠠᠢ ᠬᠠᠳᠠᠭ ᠰᠠᠭᠠᠯᠢ ᠶᠢᠨ ᠳᠡᠭᠡᠵᠢ ᠪᠠᠨ

      ᠠᠭᠤᠤ ᠨᠠᠮ ᠳᠤ ᠪᠠᠨ ᠳᠡᠪᠰᠢᠭᠦᠯᠥᠨ ᠳᠡᠪᠰᠢᠭᠦᠯᠥᠶ᠎ᠡ

      ᠰᠠᠶᠢᠨ ᠤ ᠢᠷᠥᠭᠡᠯ ᠢᠷᠠᠭᠤ ᠳᠠᠭᠤᠤ ᠪᠠᠨ

      ᠠᠷᠤᠤᠬᠠᠨ ᠨᠠᠮ ᠳᠤ ᠪᠠᠨ ᠤᠶᠠᠩᠭᠠᠯᠠᠨ ᠤᠶᠠᠩᠭᠠᠯᠠᠶ᠎ᠠ

                                           2005.3.29

ᠢᠷᠡᠯᠲᠡ᠄ ᠬᠠᠩᠭᠢᠨ ᠬᠤᠰᠢᠭᠤᠨ ᠤ ᠵᠠᠰᠠᠭ ᠤᠨ ᠣᠷᠳᠣᠨ ᠤ ᠮᠣᠩᠭᠤᠯ ᠬᠡᠯᠡᠨ ᠤ ᠵᠠᠰᠠᠭ ᠤᠨ ᠶᠠᠪᠣᠳᠠᠯ ᠤᠨ ᠰᠦᠯᠵᠢᠶ᠎ᠡ