ᠬᠠ ᠶᠢᠨ ᠣᠪᠣᠭ᠎ᠠ
ᠨᠡᠶᠢᠲᠡᠯᠡᠭᠰᠡᠨ ᠴᠠᠭ᠄
2021/1/27

                                                 ᠵᠣᠬᠢᠶᠠᠭᠴᠢ᠄ ᠲᠣᠳᠣ    ᠪᠠᠶᠠᠭᠤᠳ ᠡᠷᠳᠡᠨᠢ

     ᠬᠠᠨᠭ᠍ᠬᠢᠨ ᠬᠠᠷ᠎ᠠ ᠮᠠᠩᠨᠠᠢ ᠶᠢᠨ ᠳᠠᠪᠤᠰᠤᠨ ᠨᠠᠭᠤᠷ ᠠᠴᠠ ᠪᠠᠷᠠᠭᠤᠨ ᠤᠷᠢᠳᠠᠢ ᠬᠤᠷᠢᠭᠠᠳ ᠭᠠᠵᠠᠷ ᠲᠤ ᠬᠠ ᠶᠢᠨ ᠤᠪᠤᠭ᠎ᠠ ᠬᠡᠭᠴᠢ ᠭᠠᠵᠠᠷ ᠪᠠᠶᠢᠳᠠᠭ᠃

     ᠡᠨᠡ ᠤᠪᠤᠭ᠎ᠠ ᠶᠢ ᠪᠠᠷᠠᠭᠤᠨ ᠵᠦᠭ ᠤᠨ ᠪᠠᠶᠠᠨ ᠳᠠᠯᠠᠯᠭ᠎ᠠ ᠶᠢᠨ ᠡᠵᠡᠨ ᠳᠡᠭᠷᠢ ᠳᠤ ᠳᠠᠬᠢᠯᠭ᠎ᠠ ᠡᠷᠬᠦᠬᠦ ᠪᠠᠷ ᠪᠤᠰᠬᠠᠭᠰᠠᠨ ᠶᠤᠮ ᠬᠡᠨ᠎ᠡ᠃ ᠳᠤᠰ ᠤᠪᠤᠭ᠎ᠠ ᠶᠢ

ᠤᠶᠢᠷ᠎ᠡ ᠤᠷᠴᠢᠮ ᠤᠨ ᠬᠢᠨ ᠤ ᠠᠷᠪᠠ ᠭᠠᠷᠤᠢ ᠠᠶᠢᠯ ᠡᠷᠦᠬᠡ ᠦᠶ᠎ᠡ ᠶᠢᠨ ᠦᠶ᠎ᠡ ᠪᠠᠷ ᠬᠠ ᠪᠠᠷ ᠳᠠᠬᠢᠯᠭ᠎ᠠ ᠡᠷᠬᠦᠳᠡᠭ ᠪᠠᠶᠢᠭᠰᠠᠨ ᠠᠴᠠ ᠬᠠ ᠶᠢᠨ ᠤᠪᠤᠭ᠎ᠠ ᠬᠡᠵᠦ

ᠨᠡᠷᠡᠯᠡᠭᠳᠡᠵᠡᠢ᠃ ᠳᠠᠬᠢᠯᠭ᠎ᠠ ᠪᠤᠯᠬᠤ ᠪᠦᠷᠢ ᠠᠶᠢᠯ ᠪᠤᠯᠭᠠᠨ ᠬᠤᠨᠢ ᠪᠠᠨ ᠭᠠᠷᠭᠠᠵᠤ᠂ ᠬᠠ ᠶᠢ ᠨᠢ ᠰᠢᠬᠢᠷ᠎ᠡ ᠲᠠᠢ ᠨᠢ ᠠᠪᠴᠤ ᠴᠢᠨᠠᠭᠠᠳ ᠤᠪᠤᠭᠠᠨ ᠳᠡᠬᠡᠷ᠎ᠡ ᠪᠠᠨ

ᠬᠦᠷᠴᠦ ᠠᠶᠢᠯ ᠠᠶᠢᠯ ᠬᠠ   ᠪᠠᠨ ᠤᠪᠤᠭᠠᠨ ᠤ ᠡᠮᠦᠨ᠎ᠡ ᠬᠢ ᠳᠠᠯᠪᠢᠭᠤᠷ ᠬᠠᠳᠠᠨ ᠳᠡᠬᠡᠷ᠎ᠡ ᠳᠠᠯᠪᠢᠵᠤ᠄

     ᠰᠠᠶᠢᠨ ᠪᠡᠯᠴᠢᠬᠡᠷ ᠲᠤ ᠶᠠᠪᠤᠭᠰᠠᠨ

     ᠰᠢᠷ᠎ᠠ ᠬᠠᠯᠵᠠᠨ ᠬᠤᠨᠢᠨ ᠤ

     ᠡᠮᠦᠨ᠎ᠡ ᠮᠦᠴᠢ ᠶᠢᠨ ᠪᠠᠷᠠᠭᠤᠨ ᠳᠠᠯ᠎ᠠ

     ᠦᠯᠵᠡᠶᠢᠳᠦ ᠰᠠᠶᠢᠬᠠᠨ ᠪᠠᠶᠠᠨ ᠬᠠ

     ᠵᠢᠷᠤᠬᠠᠢ ᠳᠦᠯᠬᠡᠨ ᠳᠠᠯᠤ

     ᠵᠦᠷᠢᠬᠦᠦ ᠶᠠᠰᠤᠨ ᠪᠤᠭᠳᠤ

     ᠶᠡᠭᠡ ᠴᠢᠮᠦᠬᠡᠳᠦ ᠬᠠᠷᠢᠳᠤ

     ᠦᠬᠡᠬᠦ ᠰᠠᠶᠢᠨᠳᠤ ᠬᠠᠪᠢᠷᠠᠭ᠎ᠠ

     ᠡᠪᠡᠷ ᠳᠤᠭᠤᠷᠠᠶᠢᠳᠤ ᠰᠢᠬᠢᠷ᠎ᠡ

     ᠡᠷᠬᠢᠮ ᠳᠠᠪᠤᠨ ᠶᠠᠰᠤ ᠨᠢ

     ᠠᠯᠢ ᠨᠢ ᠪᠤᠯᠪᠠᠴᠤ ᠪᠦᠷᠢᠨ

     ᠪᠠᠷᠠᠭᠤᠨ ᠵᠦᠭ ᠤᠨ ᠳᠡᠭᠷᠢ

     ᠪᠠᠶᠠᠨ ᠳᠠᠯᠠᠯᠭ᠎ᠠ ᠶᠢᠨ ᠡᠵᠡᠨ ᠳᠡᠭᠡᠨ

     ᠪᠢᠳᠠ ᠪᠦᠬᠦᠨ ᠳᠠᠬᠢᠯᠭ᠎ᠠ ᠡᠷᠬᠦᠵᠦ

     ᠦᠨᠡᠡᠴᠢ ᠰᠡᠳᠬᠢᠯ ᠢᠶᠠᠷ

     ᠮᠦᠷᠬᠦᠨ ᠵᠠᠯᠪᠢᠷᠠᠵᠤ ᠪᠠᠶᠢᠵᠠᠭᠠᠨᠠᠮ ᠬᠡᠮᠡᠨ ᠮᠦᠷᠬᠦᠵᠦ ᠳᠠᠬᠢᠯᠭ᠎ᠠ ᠳᠠᠯᠪᠢᠭᠠᠳ ᠠᠶᠢᠯ ᠪᠤᠯᠭᠠᠨ ᠳᠦᠷᠪᠡᠨ ᠬᠠᠪᠢᠷᠭ᠎ᠠ ᠶᠢ ᠤᠪᠤᠭᠠᠨ ᠳᠠᠭᠠᠨ ᠦᠯᠡᠳᠡᠬᠡᠵᠦ᠂

ᠪᠤᠰᠤᠳ ᠢ ᠨᠢ ᠬᠡᠷ ᠬᠡᠷ ᠲᠡᠭᠡᠨ ᠠᠪᠠᠴᠢᠨ ᠤᠪᠤᠭᠠᠨ ᠤ ᠬᠡᠰᠡᠭ ᠬᠡᠮᠡᠨ ᠳᠠᠶᠠᠭᠠᠷ ᠠᠮᠰᠠᠳᠠᠭ ᠪᠠᠶᠢᠵᠠᠢ᠃  ︵ᠠᠶᠢᠮᠠᠭ ᠤᠨ ᠷᠠᠳᠢᠤ᠋ ᠬᠤᠷᠢᠶᠠᠨ ᠤ ᠪᠠᠶᠢᠯᠳᠤᠬᠤ ᠶᠢᠨ

ᠶᠠᠷᠢᠭᠰᠠᠨ ᠢ ᠰᠠᠶᠢᠨᠵᠢᠷᠭᠠᠯ ᠳᠡᠮᠳᠡᠭᠯᠡᠪᠡ︶

     ᠨᠢᠳᠦᠨ ᠪᠤᠯᠠᠭ

     ᠨᠢᠳᠦᠨ ᠪᠤᠯᠠᠭ ᠪᠤᠯ ᠬᠠᠨᠭ᠍ᠬᠢᠨ ᠬᠤᠰᠢᠭᠤᠨ ᠤ ᠬᠤᠷᠤᠭᠠᠠᠴᠠᠶᠢᠳᠠᠮ ᠰᠤᠮᠤᠨ ᠤ ᠷᠠᠰᠢᠶᠠᠠᠳᠤ ᠶᠢᠨ ᠠᠷᠪᠠᠨ ᠭᠤᠷᠪᠠᠨ ᠪᠤᠯᠠᠭ ᠤᠨ ᠨᠢᠬᠡ ᠨᠢ ᠪᠤᠯᠤᠨ᠎ᠠ᠃

ᠨᠢᠳᠦᠨ ᠪᠤᠯᠠᠭ ᠬᠡᠰᠡᠨ ᠤ ᠳᠤᠬᠠᠢ ᠡᠶᠢᠮᠦ ᠨᠢᠬᠡᠨ ᠳᠤᠮᠤᠭ ᠤᠯᠠᠮᠵᠢᠯᠠᠭᠳᠠᠵᠤ ᠪᠠᠶᠢᠳᠠᠭ᠃

     ᠡᠷᠳᠡ ᠢᠵᠠᠭᠤᠷ ᠲᠤ᠂ ᠬᠠᠭᠠᠨ ᠤ ᠨᠢᠬᠡ ᠮᠡᠷᠬᠡᠨ ᠳᠦᠰᠢᠮᠡᠯ ᠤᠨ ᠨᠢᠳᠦ ᠨᠢ ᠮᠠᠭᠤᠳᠠᠵᠤ᠂ ᠮᠦᠷ ᠰᠡᠬᠦᠳᠡᠷ ᠢᠶᠠᠨ ᠠᠷᠠᠶᠢᠬᠠᠨ ᠤᠯᠵᠤ ᠦᠵᠡᠬᠦ ᠲᠠᠢ

ᠪᠤᠯᠤᠭᠰᠠᠨ ᠳᠤ ᠠᠯᠪᠠᠨ ᠠᠴᠠ ᠪᠠᠨ ᠪᠠᠭᠤᠵᠤ᠂ ᠡᠯᠵᠢᠬᠡ ᠤᠨᠤᠴᠢᠬᠠᠭᠠᠳ ᠭᠠᠵᠠᠷ ᠪᠤᠯᠭᠠᠨ ᠳᠤ ᠶᠠᠪᠤᠵᠤ ᠨᠢᠳᠦ ᠰᠠᠶᠢᠨ ᠦᠵᠡᠳᠡᠭ ᠡᠮᠴᠢ ᠶᠢ ᠡᠷᠢᠵᠦ ᠰᠤᠷᠠᠭᠯᠠᠵᠤ

ᠨᠢᠳᠦ ᠶᠦᠭᠡᠨ ᠦᠵᠡᠬᠦᠯᠬᠦ ᠪᠠᠷ ᠶᠠᠪᠤᠵᠤ ᠬᠡᠨ᠎ᠡ᠃ ᠨᠢᠬᠡ ᠡᠳᠦᠷ ᠶᠠᠪᠤᠭᠰᠠᠭᠠᠷ ᠪᠠᠶᠢᠭᠠᠳ ᠡᠨᠡ ᠪᠤᠯᠠᠭ ᠤᠨ ᠬᠠᠵᠠᠭᠤ ᠳᠤ ᠢᠷᠡᠬᠦᠯᠡᠷ ᠬᠤᠨᠢ ᠠᠳᠤᠭᠤᠯᠤᠬᠰᠠᠨ

ᠵᠢᠭᠠᠬᠠᠨ ᠬᠡᠦᠬᠡᠳ ᠪᠤᠯᠠᠭ ᠤᠨ ᠬᠠᠪᠢᠷᠭ᠎ᠠ ᠪᠠᠷ ᠬᠤᠨᠢ ᠪᠠᠨ ᠠᠳᠤᠭᠤᠯᠵᠤ ᠪᠠᠶᠢᠭᠠᠳ ᠪᠤᠯᠠᠭ ᠤᠨ ᠰᠢᠪᠡᠷ ᠲᠤ ᠨᠢᠬᠡ ᠬᠤᠨᠢ ᠪᠠᠨ ᠰᠢᠪᠠᠷᠳᠠᠭᠤᠯᠴᠢᠬᠠᠭᠠᠳ

ᠴᠢᠩᠭᠠᠭᠠᠵᠤ ᠳᠠᠳᠠᠵᠤ ᠳᠡᠶᠢᠯᠬᠦ ᠦᠭᠡᠢ ᠮᠡᠭᠳᠡᠷᠴᠦ ᠪᠠᠶᠢᠵᠠᠢ᠃ ᠳᠡᠬᠡᠳᠡᠯ᠎ᠡ ᠳᠡᠷᠬᠡᠳᠡᠬᠦᠷ ᠨᠢ ᠨᠢᠬᠡ ᠡᠯᠵᠢᠬᠡ ᠲᠠᠢ ᠬᠦᠮᠦᠨ ᠶᠠᠪᠤᠵᠤ ᠪᠠᠶᠢᠬᠤ ᠶᠢ ᠦᠵᠡᠬᠡᠳ ᠬᠦᠶᠦᠨ

ᠬᠦᠷᠴᠦ ᠳᠡᠷᠡ ᠬᠦᠮᠦᠨ ᠳᠤ ᠰᠢᠪᠠᠷᠳᠠᠭᠰᠠᠨ ᠬᠤᠨᠢ ᠶᠢ ᠭᠠᠷᠭᠠᠭᠠᠳ ᠦᠭᠬᠦᠨ᠎ᠡ ᠤᠤ ᠬᠡᠵᠦ ᠭᠤᠶᠤᠵᠠᠢ᠃ ᠰᠡᠶ᠋ᠢᠬᠢ ᠡᠯᠵᠢᠬᠡ ᠲᠠᠢ ᠬᠦᠮᠦᠨ᠄ ︽ᠪᠢ ᠴᠢᠨᠢ ᠰᠤᠬᠤᠷ

ᠬᠦᠮᠦᠨ᠂ ᠵᠢᠭᠠᠬᠠᠨ ᠬᠦᠦ ᠮᠢᠨᠢ᠂ ᠴᠢᠮ᠎ᠡ ᠳᠤ ᠳᠤᠰᠠ ᠪᠤᠯᠵᠤ ᠪᠠᠷᠤᠭ ᠴᠢᠳᠠᠬᠤ ᠦᠭᠡᠢ ᠪᠠᠶᠢᠬ᠎ᠠ᠂ ᠡᠨᠡ ᠠᠬ᠎ᠠ ᠴᠢᠨᠢ ᠳᠡᠷᠡ ᠰᠢᠪᠠᠷ ᠤᠰᠤᠨ ᠳᠤ ᠶᠠᠭᠠᠬᠢᠵᠤ

ᠤᠷᠤᠵᠤ ᠴᠢᠳᠠᠬᠤ ᠪᠢᠯᠡ︾ ᠬᠡᠵᠡᠢ᠃ ᠬᠡᠪᠡᠴᠦ ᠵᠢᠭᠠᠬᠠᠨ ᠬᠦᠦ ᠭᠤᠶᠤᠵᠤ ᠭᠤᠨᠭ᠍ᠰᠢᠭᠠᠳ ᠯᠠ ᠪᠠᠶᠢᠬᠤᠯᠠᠷ ᠬᠦᠦ ᠪᠠᠷ ᠬᠦᠳᠦᠯᠦᠬᠦᠯᠵᠦ᠂ ᠰᠢᠪᠠᠷ ᠱᠠᠯᠴᠢᠭ ᠲᠤ

ᠳᠡᠮᠳᠡᠴᠢᠨ ᠬᠤᠨᠢᠨ ᠬᠠᠵᠠᠭᠤᠳᠠ ᠬᠦᠷᠴᠦ ᠳᠡᠮᠳᠡᠷᠢᠵᠦ ᠨᠤᠴᠤᠯᠳᠤᠭᠰᠠᠭᠠᠷ ᠪᠠᠶᠢᠵᠤ ᠳᠦᠡᠭᠬᠡᠵᠢ ᠳᠠᠩᠭᠠᠨ ᠰᠡᠶ᠋ᠢᠬᠢ ᠰᠢᠪᠠᠷᠳᠠᠭᠰᠠᠨ ᠬᠤᠨᠢ ᠶᠢ ᠴᠢᠷᠴᠦ ᠭᠠᠷᠭᠠᠪᠠ᠃

ᠳᠡᠬᠡᠬᠡᠳ ᠵᠢᠭᠠᠬᠠᠨ ᠬᠦᠦ᠄ ︽ᠠᠪᠤᠭᠠᠢ ᠳᠠᠨ ᠤ ᠨᠢᠭᠤᠷ ᠭᠠᠷ᠂ ᠪᠦᠳᠦᠨ ᠪᠡᠶ᠎ᠡ᠂ ᠬᠤᠪᠴᠠᠰᠤ ᠬᠤᠨᠠᠷ ᠴᠢᠨᠢ ᠰᠢᠪᠠᠷ ᠱᠠᠯᠴᠢᠭ ᠪᠤᠯᠴᠢᠬᠠᠯ᠎ᠠ᠃ ᠡᠨᠡ ᠪᠤᠯᠠᠭ ᠤᠨ

ᠤᠰᠤ ᠪᠠᠷ ᠰᠠᠶᠢᠨ ᠤᠬᠢᠶᠠᠴᠢᠬ᠎ᠠ︾ ᠬᠡᠪᠡ᠃ ᠰᠤᠬᠤᠷ ᠳᠦᠰᠢᠮᠡᠯ᠂ ᠵᠢᠭᠠᠬᠠᠨ ᠬᠦᠦ ᠶᠢᠨ ᠦᠬᠡ ᠪᠠᠷ ᠪᠡᠶ᠎ᠡ ᠬᠠᠳᠠ᠂ ᠬᠤᠪᠴᠠᠰᠤ ᠬᠤᠨᠠᠷ᠂ ᠨᠢᠭᠤᠷ ᠢᠶᠠᠨ ᠪᠤᠯᠠᠭ

 ᠤᠨ ᠤᠰᠤ ᠪᠠᠷ ᠤᠬᠢᠶᠠᠬᠤ ᠳᠤ ᠨᠢᠳᠦᠨ ᠳᠤᠨᠢ ᠪᠤᠯᠠᠭ ᠤᠨ ᠤᠰᠤ ᠤᠷᠤᠵᠤ ᠪᠠᠭ᠎ᠠ ᠢᠷᠬᠢᠷᠡᠬᠦᠯᠦᠭᠰᠡᠨ ᠠᠴᠠ ᠪᠠᠷᠢᠴᠢᠨᠢ ︵ᠳᠤᠤᠷ᠎ᠠ ᠨᠢ︶ ᠨᠢᠳᠦ ᠨᠢ ᠰᠤᠨᠢᠨ

ᠰᠠᠶᠢᠬᠠᠨ ᠠᠶ᠎ᠠ ᠲᠠᠢ ᠪᠤᠯᠤᠭᠠᠳ ᠶᠠᠪᠤᠴᠢᠬᠠᠪᠠ᠃ ᠡᠬᠦᠨ ᠳᠤ ᠳᠦᠰᠢᠮᠡᠯ ᠳᠤᠩ ᠪᠠᠶᠠᠷᠯᠠᠵᠤ ᠵᠢᠭᠠᠬᠠᠨ ᠬᠦᠦ ᠶᠢ ᠳᠤᠰᠠ ᠪᠤᠯᠬᠤ ᠳᠠᠪᠢᠯᠠᠩ ᠲᠠᠢ ᠬᠡᠦᠬᠡᠳ ᠪᠠᠶᠢᠵᠠᠢ

ᠬᠡᠮᠡᠨ ᠬᠦᠦ ᠳᠤ ᠳᠡᠪᠡᠯ ᠤᠨ ᠶᠤᠷᠤᠭ ᠦᠭᠴᠦ᠂ ᠵᠢᠭᠠᠬᠠᠨ ᠬᠦᠦ ᠶᠢ ᠳᠠᠭᠠᠵᠤ ᠬᠡᠷ ᠲᠤᠨᠢ ᠬᠦᠷᠴᠦ᠂ ᠬᠡᠳᠦ ᠬᠤᠨᠤᠬᠤ ᠳᠠᠭᠠᠨ ᠳᠤᠰᠬᠠᠢ ᠡᠨᠡ ᠪᠤᠯᠠᠭ ᠤᠨ ᠤᠰᠤ

 ᠪᠠᠷ ᠡᠳᠦᠷ ᠪᠤᠯᠭᠠᠨ ᠨᠢᠳᠦ ᠪᠠᠨ ᠤᠬᠢᠶᠠᠵᠤ ᠪᠠᠶᠢᠵᠠᠢ᠃ ᠢᠡᠭᠬᠡᠬᠡᠳ ᠨᠢᠳᠦ ᠨᠢ ᠶᠡᠬᠡᠳᠡ ᠰᠠᠶᠢᠨ ᠪᠤᠯᠤᠭᠰᠠᠨ ᠪᠠᠶᠢᠨ᠎ᠠ᠃ ᠳᠡᠷᠡ ᠳᠦᠰᠢᠮᠡᠯ ᠪᠤᠯᠠᠭ ᠤᠨ ᠳᠡᠷᠬᠡᠳᠡ

ᠤᠴᠢᠵᠤ ᠳᠠᠪᠢᠨ ᠯᠠᠩ ᠤᠨ ᠶᠤᠸᠠᠮᠪᠤᠤ ᠳᠠᠯᠪᠢᠵᠤ᠂ ᠪᠤᠶᠠᠠᠳᠤ ᠨᠤᠳᠤᠭ ᠤᠨ ᠪᠤᠷᠬᠠᠨ ᠷᠠᠰᠢᠶᠠᠨ ᠬᠡᠮᠡᠨ ᠮᠦᠷᠬᠦᠬᠡᠳ ᠶᠠᠪᠤᠵᠤ ᠬᠡᠨ᠎ᠡ᠃ ᠡᠬᠦᠨ ᠠᠴᠠ ᠬᠤᠶᠢᠰᠢ

ᠬᠦᠮᠦᠰ ᠡᠨᠡᠬᠦ ᠪᠤᠯᠠᠭ ᠤᠨ ᠤᠰᠤ ᠨᠢᠳᠦᠨ ᠳᠤ ᠰᠠᠶᠢᠨ ᠬᠡᠰᠡᠨ ᠢ ᠮᠡᠳᠡᠵᠦ ︽ᠨᠢᠳᠦᠨ ᠪᠤᠯᠠᠭ︾ ᠬᠡᠮᠡᠨ ᠨᠡᠷᠡᠶᠢᠳᠦᠵᠦ ᠳᠠᠭᠤᠳᠠᠭᠰᠠᠭᠠᠷ ᠢᠷᠡᠵᠡᠢ  ᠃ ︵1984

ᠤᠨ ᠳᠤ 61 ᠨᠠᠰᠤᠳᠠᠢ ᠬᠤᠷᠤᠮᠰᠢ ᠶᠢᠨ ᠬᠡᠯᠡᠭᠰᠡᠨ ᠢ ᠳᠤᠳᠤ ᠳᠡᠮᠳᠡᠭᠯᠡᠨ ᠡᠮᠬᠢᠳᠬᠡᠪᠡ᠃︶

     ᠪᠠᠶᠠᠨ ᠭᠠᠴᠠᠭ᠎ᠠ ︵ᠳᠦᠷᠪᠡᠳᠦᠬᠡᠷ ᠶᠡᠭᠡ ᠪᠠᠷᠢᠭᠠᠳᠠ︶

     ᠬᠤᠷᠤᠭᠠᠠᠴᠠᠶᠢᠳᠠᠮ ᠰᠤᠮᠤᠨ ᠤ ᠬᠤᠶᠢᠳᠤ ᠵᠠᠬ᠎ᠠ ᠳᠤ ᠪᠠᠶᠢᠷᠢᠰᠢᠳᠠᠭ᠂ ᠬᠤᠷᠤᠭᠠᠨ ᠵᠤᠤ ᠠᠴᠠ 30 ᠺᠢᠯᠦᠮᠧᠲᠷ ᠵᠠᠶᠢᠳᠠᠢ ᠪᠠᠶᠢᠭ᠎ᠠ ᠪᠠᠶᠠᠨ ᠭᠠᠴᠠᠭ᠎ᠠ ᠬᠡᠵᠦ

ᠪᠤᠢ᠃ ᠳᠤᠰ ᠭᠠᠵᠠᠷ ᠤᠨ ᠨᠢᠬᠡᠨ ᠰᠢᠯᠢ ᠶᠢᠨ ᠤᠷᠤᠢ ᠶᠢᠨ ᠡᠩᠬᠡᠷ ᠢ ᠪᠠᠶᠠᠨ ᠡᠩᠬᠡᠷ ᠬᠡᠳᠡᠭ ᠳᠤᠯᠠ ᠪᠠᠶᠠᠨ ᠢ ᠨᠢ ᠠᠪᠴᠤ ᠭᠠᠴᠠᠭᠠᠨ ᠤ ᠪᠠᠨ ᠨᠡᠷ᠎ᠡ ᠪᠤᠯᠭᠠᠵᠤᠬᠤᠢ᠃

ᠭᠠᠴᠠᠭᠠᠨ ᠵᠦᠪᠯᠡᠯ ᠨᠢ ᠬᠠᠭᠤᠴᠢᠨ ᠵᠤᠤ ᠳᠤ ᠪᠤᠢ᠃ ᠬᠠᠭᠤᠴᠢᠨ ᠵᠤᠤ ᠰᠦᠮ᠎ᠡ ᠬᠡᠭᠴᠢ ᠪᠤᠯ ᠪᠦᠬᠦ ᠤᠷᠳᠤᠰ ᠲᠠᠭᠠᠨ ᠬᠠᠮᠤᠭ ᠡᠷᠳᠡ ᠪᠠᠶᠢᠭᠤᠯᠤᠭᠳᠠᠭᠰᠠᠨ

ᠰᠦᠮ᠎ᠡ ᠪᠤᠯᠬᠤ ᠶᠤᠮ᠃ 1956 ᠤᠨ ᠳᠤ ᠪᠠᠭ ᠪᠤᠯᠵᠤ ᠪᠠᠶᠢᠭᠤᠯᠤᠭᠳᠠᠬᠤ ᠳᠤ ᠪᠠᠶᠠᠨ ᠳᠤᠯᠤᠭᠠᠢ ᠬᠡᠮᠡᠬᠦ ᠨᠡᠷ᠎ᠡ ᠦᠭᠴᠦ᠂1979 ᠤᠨ ᠳᠤ ᠬᠠᠭᠤᠴᠢᠨ ᠵᠤᠤ

ᠶᠡᠭᠡ ᠪᠠᠷᠢᠭᠠᠳᠠ ᠬᠡᠮᠡᠨ ᠨᠡᠷ᠎ᠡ ᠰᠤᠯᠢᠵᠤ᠂ 1983 ᠤᠨ ᠳᠤ ᠪᠠᠶᠠᠨ ᠭᠠᠴᠠᠭ᠎ᠠ ᠬᠡᠵᠦ ᠬᠠᠯᠠᠪᠠ᠃ ᠨᠡᠶᠢᠳᠡ104 ᠡᠷᠦᠬᠡ ᠲᠠᠢ᠂ 449 ᠬᠦᠮᠦᠨ ᠠᠮᠠ ᠲᠠᠢ᠂

ᠡᠬᠦᠨ ᠳᠤ ᠮᠤᠩᠭᠤᠯ ᠦᠨᠳᠦᠰᠦᠳᠡᠨ 518 ᠬᠦᠮᠦᠨ ᠠᠮᠠ ᠪᠤᠢ᠂ ᠳᠠᠷᠢᠶᠠᠨ ᠭᠠᠵᠠᠷ 1.246 ᠮᠤ᠋᠂ ᠤᠢ ᠰᠢᠭᠤᠢ ᠶᠢᠨ ᠳᠠᠯᠠᠪᠠᠢ 100 ᠮᠤ᠋᠂ ᠳᠠᠪᠤᠨ ᠬᠤᠰᠢᠭᠤ

ᠮᠠᠯ 17.545 ᠳᠤᠯᠤᠭᠠᠢ ᠪᠤᠢ᠂ ᠰᠢᠯᠢᠷᠬᠡᠭ ᠪᠡᠯᠴᠢᠬᠡᠷ ᠢᠶᠠᠷ ᠭᠤᠤᠯᠳᠠᠯᠠᠵᠤ᠂ ᠴᠤᠯᠤ ᠮᠠᠯᠵᠢᠬᠤ ᠭᠠᠴᠠᠭ᠎ᠠ ᠪᠢᠯᠡ᠃ ᠡᠨᠡ ᠭᠠᠵᠠᠷ ᠲᠤ ᠪᠠᠰᠠ ᠴᠠᠭᠠᠨ ᠤᠪᠤᠭ᠎ᠠ᠂

ᠪᠠᠶᠠᠨ ᠳᠤᠯᠤᠭᠠᠢ᠂ ᠬᠦᠢᠳᠡᠨ ᠪᠤᠯᠠᠭ ᠬᠡᠮᠡᠬᠦ ᠨᠡᠷ᠎ᠡ ᠲᠠᠢ ᠭᠠᠵᠠᠷ ᠤᠳ ᠪᠠᠶᠢᠳᠠᠭ᠃

     ᠭᠠᠴᠠᠭ᠎ᠠ ᠵᠦᠪᠯᠡᠯ ᠳᠤ ᠳᠤᠰᠢᠶᠠᠯ᠂ ᠠᠯᠪᠠ ᠲᠠᠢ ᠬᠦᠮᠦᠰ᠄

     ᠭᠠᠷᠤᠳᠢ᠂ ᠬᠦᠷᠦᠪᠠᠨᠽᠠᠷ᠂ ᠠᠷᠪᠢᠨᠬᠡᠰᠢᠭ᠂ ᠬᠦᠷᠦᠪᠠᠨᠽᠠᠷ᠂ ᠰᠢᠷᠠᠪᠨᠢᠮ᠎ᠠ᠂ ᠳᠠᠠᠽᠠᠠᠰᠤᠩᠷᠤᠢ᠂ ᠳᠡᠮᠴᠤᠭ᠂ ᠰᠤᠳᠤᠪᠠᠭᠠᠳᠤᠷ᠂ ᠪᠢᠯᠢᠭ᠃

     ᠬᠦᠢᠳᠡᠨ ᠪᠤᠯᠠᠭ᠂ ᠬᠦᠢᠳᠡᠨ ᠴᠠᠶᠢᠳᠠᠮ᠂ ᠰᠠᠩᠭᠠᠷᠢ ᠶᠢᠨ ᠤᠷᠤᠢ

     ᠬᠠᠨᠭ᠍ᠬᠢᠨ ᠬᠤᠰᠢᠭᠤᠨ ᠤ ᠬᠤᠷᠤᠭᠠᠠᠴᠠᠶᠢᠳᠠᠮ ᠰᠤᠮᠤᠨ ᠤ ᠤᠯᠠᠠᠪᠤᠯᠠᠭ ᠭᠠᠴᠠᠭᠠᠨ ᠳᠤ ᠬᠦᠢᠳᠡᠨ ᠪᠤᠯᠠᠭ᠂ ᠬᠦᠢᠳᠡᠨ ᠴᠠᠶᠢᠳᠠᠮ᠂ ᠰᠠᠩᠭᠠᠷᠢ ᠶᠢᠨ ᠤᠷᠤᠢ

ᠬᠡᠵᠦ ᠪᠠᠶᠢᠳᠠᠭ᠃ ᠡᠳᠡᠬᠡᠷ ᠭᠠᠵᠠᠷ ᠤᠳ ᠤᠨ ᠨᠡᠷ᠎ᠡ ᠶᠢ ᠰᠤᠨᠢᠭᠤᠴᠢᠯᠠᠨ ᠠᠵᠢᠬᠯᠠᠵᠤ᠂ ᠳᠤᠰ ᠭᠠᠴᠠᠭᠠᠨ ᠤ ᠨᠠᠰᠤᠳᠠᠢ ᠬᠦᠮᠦᠰ ᠠᠴᠠ ᠠᠰᠠᠭᠤᠵᠤ ᠰᠤᠷᠠᠭᠯᠠᠪᠠᠯ

ᠢᠡᠭᠬᠡᠵᠦ ᠶᠠᠷᠢᠵᠤ ᠪᠢᠯᠡ᠃

     ᠬᠦᠢᠳᠡᠨ ᠪᠤᠯᠠᠭ ᠬᠡᠵᠦ ᠡᠨᠡ ᠭᠠᠵᠠᠷ ᠲᠤ ᠪᠠᠶᠢᠭ᠎ᠠ ᠨᠢᠬᠡᠨ ᠪᠤᠯᠠᠭ ᠢ ᠬᠡᠯᠡᠳᠡᠭ᠃ ᠳᠡᠬᠡᠪᠡᠯ ᠶᠠᠭᠠᠬᠢᠭᠠᠳ ᠬᠦᠢᠳᠡᠨ ᠴᠠᠶᠢᠳᠠᠮ ᠬᠡᠵᠦ ᠪᠤᠯᠠᠭ ᠢ ᠨᠢ ᠬᠠᠶᠠᠭᠰᠠᠨ

ᠪᠤᠢ ᠬᠡᠪᠡᠯ᠄ ᠡᠨᠡᠬᠦ ᠬᠦᠢᠳᠡᠨ ᠪᠤᠯᠠᠭ ᠠᠴᠠ ᠤᠷᠬᠢᠯᠤᠭᠰᠠᠨ ᠤᠰᠤ ᠨᠢ ᠵᠤᠨ ᠳᠠᠭᠠᠨ ᠬᠠᠵᠠᠭᠤ ᠬᠠᠪᠢᠷᠭ᠎ᠠ ᠶᠢᠨ ᠴᠠᠶᠢᠳᠠᠮ ᠳᠤ ᠤᠷᠤᠰᠤᠨ ᠤᠷᠤᠵᠤ᠂ ᠡᠪᠡᠰᠦ

ᠪᠡᠯᠴᠢᠬᠡᠷ ᠤᠨ ᠤᠮᠳᠠ ᠨᠢ ᠪᠤᠯᠵᠤ ᠪᠠᠶᠢᠳᠠᠭ᠃ ᠡᠪᠦᠯ ᠪᠤᠯᠬᠤ ᠳᠤ ᠰᠡᠶ᠋ᠢᠬᠢ ᠬᠦᠢᠳᠡᠨ ᠪᠤᠯᠠᠭ ᠤᠨ ᠤᠷᠬᠢᠯᠤᠮᠠᠯ ᠤᠰᠤ ᠤᠷᠤᠰᠤᠭᠰᠠᠭᠠᠷ ᠪᠠᠶᠢᠵᠤ᠂ ᠮᠦᠰᠦ

ᠪᠠᠷᠢᠯᠳᠤᠨ ᠬᠤᠯᠠ ᠤᠷᠤᠰᠴᠤ ᠳᠡᠯᠡᠬᠡᠳ ᠤᠷᠤᠰᠬᠤ ᠭᠠᠵᠠᠷ ᠦᠭᠡᠢ ᠪᠤᠯᠵᠤ ᠴᠠᠶᠢᠳᠠᠮ ᠳᠦᠬᠦᠷᠡᠩ ᠮᠦᠰᠦ ᠬᠦᠯᠳᠡᠵᠦ᠂ ᠬᠠᠪᠤᠷ ᠪᠤᠯᠬᠤ ᠳᠤ ᠴᠠᠶᠢᠳᠠᠮ ᠳᠠᠶᠠᠭᠠᠷ

 ᠲᠤ ᠰᠢᠪᠡᠷ ᠱᠠᠯᠴᠢᠭ ᠪᠤᠯᠵᠤ᠂ ᠵᠠᠷᠢᠮ ᠭᠠᠵᠠᠷ ᠲᠤᠨᠢ ᠬᠦᠬᠡ ᠰᠢᠪᠠᠷ ᠤᠨ ᠨᠦᠬᠡ ᠲᠠᠢ ᠪᠤᠯᠳᠠᠭ᠃ ᠢᠡᠭᠬᠡᠬᠦᠯᠡᠷ ᠬᠦᠮᠦᠰ ᠠᠶᠠᠠᠳᠠᠭᠠᠨ ᠬᠦᠢᠳᠡᠨ ᠪᠤᠯᠠᠭ ᠤᠨ ᠤᠰᠤᠨ

 ᠢᠶᠠᠷ ᠤᠮᠳᠠᠯᠠᠭᠳᠠᠭᠰᠠᠨ ᠡᠨᠡᠬᠦ ᠴᠠᠶᠢᠳᠠᠮ ᠢᠶᠠᠨ ᠬᠦᠢᠳᠡᠨ ᠴᠠᠶᠢᠳᠠᠮ ᠬᠡᠵᠦ ᠳᠠᠭᠤᠳᠠᠬᠤ ᠪᠤᠯᠵᠤ᠂ ᠰᠡᠶᠢᠬᠢ ᠪᠤᠯᠠᠭ ᠨᠢ ᠬᠠᠶᠠᠭᠳᠠᠵᠤ᠂ ᠬᠦᠭᠰᠢᠨ ᠰᠢᠭ ᠤᠯᠤᠰ ᠤᠳ

ᠪᠠᠭ᠎ᠠ ᠰᠠᠭ᠎ᠠ ᠮᠡᠳᠡᠬᠦ ᠠᠴᠠ ᠵᠠᠯᠠᠭᠤ ᠬᠦᠮᠦᠰ ᠪᠠᠷᠤᠭ ᠪᠦᠷ ᠮᠡᠳᠡᠬᠦ ᠪᠠᠨ ᠪᠠᠶᠢᠴᠢᠬᠠᠭᠰᠠᠨ᠃

ᠰᠠᠩᠭᠠᠷᠢ ᠶᠢᠨ ᠤᠷᠤᠢ ᠬᠡᠵᠦ ᠡᠮᠦᠨ᠎ᠡ ᠳᠠᠯ᠎ᠠ ᠳᠠᠭᠠᠨ ᠬᠦᠢᠳᠡᠨ ᠴᠠᠶᠢᠳᠠᠮ ᠲᠠᠢ᠂ ᠠᠷᠤᠭᠰᠢ ᠪᠠᠨ ᠰᠢᠯᠢᠷᠬᠡᠭ ᠰᠢᠭ ᠭᠠᠵᠠᠷ ᠶᠤᠮ᠃ ᠡᠨᠡ ᠤᠷᠤᠢ ᠳᠡᠬᠡᠷ᠎ᠡ

ᠤᠵᠤᠭᠤᠷ ᠲᠤ ᠰᠠᠩᠭᠠᠷᠢ ᠬᠡᠵᠦ ᠭᠠᠭᠴᠠᠬᠠᠨ ᠠᠶᠢᠯ ᠰᠠᠭᠤᠵᠤ ᠪᠠᠶᠢᠭᠰᠠᠨ ᠳᠤᠯᠠ ᠢᠡᠭᠬᠢᠵᠦ ᠨᠡᠷᠡᠯᠡᠭᠰᠡᠨ ᠶᠤᠮ᠃ ᠡᠳᠦᠬᠡ ᠪᠠᠶ᠋ᠬᠠᠤᠰᠤ ᠰᠤᠮᠤᠨ ᠳᠤ ᠪᠠᠶᠢᠭ᠎ᠠ ᠬᠢᠮᠢ

 ᠶᠢᠨ ᠦᠢᠯᠡᠳᠪᠦᠷᠢ ᠠᠴᠠ ᠳ᠋ᠸᠡᠭᠺᠸᠦ ᠰᠢᠶᠠᠨ ᠳᠤ ᠬᠦᠷᠬᠦ ᠵᠠᠰᠠᠮᠠᠯ ᠵᠠᠮ ᠢ ᠡᠨᠡᠬᠦ ᠤᠷᠤᠢ ᠶᠢᠨ ᠳᠡᠬᠡᠬᠦᠷ ᠵᠠᠰᠠᠵᠤ ᠨᠡᠪᠳᠡᠷᠡᠬᠦᠯᠦᠭᠰᠡᠨ ᠪᠠᠶᠢᠳᠠᠭ᠃ ︵ᠳᠤᠰ ᠭᠠᠴᠠᠭᠠᠨ

 ᠤ ᠰᠠᠳᠢᠪᠢᠰ᠂ ᠭᠠᠵᠢᠳᠮ᠎ᠠ᠂ ᠵᠤᠷᠢᠭᠳᠤ ᠡᠯᠪᠡᠷᠡᠯᠴᠤᠭᠳᠤ ᠶᠠᠷᠢᠵᠤ᠂ ᠳᠤᠳᠤ ᠳᠡᠮᠳᠡᠭᠯᠡᠪᠡ᠃︶

     ᠬᠠᠭᠤᠴᠢᠨ ᠵᠤᠤ

     ᠡᠳᠦᠬᠡ ᠶᠢᠨ ᠬᠠᠨᠭ᠍ᠬᠢᠨ ᠬᠤᠰᠢᠭᠤᠨ ᠤ ᠬᠤᠷᠤᠭᠠᠠᠴᠠᠶᠢᠳᠠᠮ ᠨᠢᠬᠡᠳᠦᠯ ᠤᠨ ᠳᠦᠷᠪᠡᠳᠦᠬᠡᠷ ᠶᠡᠭᠡ ᠪᠠᠷᠢᠭᠠᠳᠠ ᠶᠢᠨ ᠪᠠᠶᠠᠨ ᠡᠩᠬᠡᠷ ᠬᠡᠮᠡᠬᠦ ᠭᠠᠵᠠᠷ ᠲᠤ ᠪᠠᠶᠢᠵᠠᠢ᠃

ᠮᠢᠩ ᠤᠯᠤᠰ ᠤᠨ ᠸᠠᠨ ᠯᠢ ᠶᠢᠨ ᠠᠷᠪᠠᠨ ᠨᠢᠬᠡᠳᠦᠬᠡᠷ ᠤᠨ ︵1583︶ ᠳᠤ ᠡᠬᠢᠯᠡᠨ ᠪᠠᠶᠢᠭᠤᠯᠵᠠᠢ᠃ ᠴᠢᠩ ᠤᠨ ᠰᠠᠶᠢᠰᠢᠶᠠᠯᠳᠤ ᠢᠷᠦᠬᠡᠯᠳᠦ ᠬᠠᠭᠠᠨ ᠠᠴᠠ ︽

ᠵᠠᠷᠯᠢᠭ ᠢᠶᠠᠷ ᠰᠤᠶᠤᠷᠬᠠᠭᠰᠠᠨ ᠬᠤᠳᠠᠯᠠ ᠢᠪᠡᠬᠡᠯᠳᠦ ᠰᠦᠮ᠎ᠡ︾ ᠬᠡᠮᠡᠬᠦ ᠢᠯᠡᠷᠬᠡᠶᠢᠯᠡᠯ ᠢ ᠤᠯᠭᠤᠵᠤ ᠳᠤᠤᠳᠠᠶᠢᠶ᠎ᠠ ᠡᠷᠬᠦᠮᠵᠢᠯᠡᠯ ᠪᠦᠬᠦᠢ ᠬᠡᠶᠢᠳ ᠪᠤᠯᠭᠠᠵᠠᠢ᠃

ᠪᠠᠳᠠᠷᠠᠭᠤᠯᠳᠤ ᠳᠦᠷᠦ ᠶᠢᠨ ᠠᠷᠪᠠᠨ ᠬᠤᠶᠠᠳᠤᠭᠠᠷ ᠤᠨ ︵1886︶ ᠳᠤ ᠳᠠᠬᠢᠨ ᠰᠠᠯᠪᠢᠨ ᠵᠠᠰᠠᠵᠠᠢ᠃ ᠳᠤᠰ ᠰᠦᠮ᠎ᠡ ᠶᠢᠨ ᠨᠤᠮ ᠤᠨ ᠨᠡᠷ᠎ᠡ ᠶᠢ

ᠷᠡᠰᠢᠬᠦᠨᠵᠢᠪᠢᠯᠢᠭ ᠬᠡᠳᠡᠭ᠃ ᠬᠡᠶᠢᠳ ᠳᠡᠬᠡᠷ᠎ᠡ ᠶᠡᠭᠡ ᠰᠦᠮ᠎ᠡ ᠨᠢᠬᠡ᠂ ᠪᠠᠭ᠎ᠠ ᠰᠦᠮ᠎ᠡ ᠬᠤᠶᠠᠷ᠂ ᠨᠡᠶᠢᠳᠡ ᠨᠠᠶᠠᠨ ᠳᠠᠪᠤᠨ ᠳᠠᠰᠤᠯᠭ᠎ᠠ ᠲᠠᠢ ᠪᠠᠶᠢᠵᠠᠢ᠃ ᠯᠠᠮᠠ

ᠬᠤᠸᠠᠷᠠᠭ ᠱᠠᠪᠢ ᠨᠠᠷ ᠤᠨ ᠰᠠᠭᠤᠬᠤ ᠪᠠᠶᠢᠰᠢᠩ ᠨᠡᠶᠢᠳᠡ ᠨᠢᠬᠡ ᠵᠠᠭᠤ ᠬᠤᠷᠢᠨ ᠳᠠᠰᠤᠯᠭ᠎ᠠ ᠰᠢᠬᠠᠮ ᠪᠤᠢ᠃ ᠳᠤᠰ ᠰᠦᠮ᠎ᠡ ᠳᠡᠬᠡᠷ᠎ᠡ 60 — 70 ᠯᠠᠮᠠ

ᠬᠤᠸᠠᠷᠠᠭ ᠲᠠᠢ ᠪᠠᠶᠢᠵᠠᠢ᠃ ᠬᠤᠪᠢᠯᠭᠠᠨ ᠯᠠᠮᠠ ᠨᠢᠬᠡ᠂ ᠳᠤᠤᠳᠠᠶᠢᠶ᠎ᠠ ᠳ᠋ᠠ ᠯᠠᠮᠠ ᠨᠢᠬᠡ᠂ ᠳᠤᠤᠳᠠᠶᠢᠶ᠎ᠠ ᠳᠡᠮᠴᠢ ᠯᠠᠮᠠ ᠨᠢᠬᠡ᠂ ᠳᠤᠤᠳᠠᠶᠢᠶ᠎ᠠ ᠤᠮᠽᠠᠳ ᠨᠢᠬᠡ ᠪᠠᠶᠢᠵᠠᠢ

᠃ ᠵᠢᠯ ᠳᠤ ᠨᠤᠮ ᠤᠨ ᠶᠡᠭᠡ ᠬᠤᠷᠠᠯ ᠢ ᠨᠢᠬᠡ ᠵᠠᠭᠤᠨ ᠡᠳᠦᠷ ᠬᠤᠷᠠᠨ᠎ᠠ᠃ ᠪᠠᠰᠠ ᠵᠦᠨᠵᠡ ᠶᠢᠨ ᠬᠤᠷᠠᠯ ᠢ ᠡᠳᠦᠷ ᠪᠦᠷᠢ ᠬᠤᠷᠠᠨ᠎ᠠ᠂ ᠴᠠᠭᠠᠨ ᠰᠠᠷ᠎ᠠ ᠶᠢᠨ ᠰᠢᠨ᠎ᠡ

 ᠶᠢᠨ ᠶᠢᠰᠦᠨ ᠪᠠ ᠪᠢᠯᠢᠭ ᠤᠨ ᠳᠤᠯᠤᠭᠠᠨ ᠰᠠᠷ᠎ᠠ ᠶᠢᠨ ᠠᠷᠪᠠᠨ ᠳᠠᠪᠤᠨ ᠳᠤ ᠴᠠᠮ ᠤᠨ ᠬᠤᠷᠠᠯ ᠲᠠᠢ᠂ ᠳᠤᠰ ᠰᠦᠮ᠎ᠡ ᠶᠢᠨ ᠵᠢᠰᠠ ᠶᠢᠨ ᠭᠠᠵᠠᠷ ᠳᠦᠴᠢᠨ ᠭᠤᠷᠪᠠᠨ

ᠴᠢᠩ ᠬᠤᠷᠢᠨ ᠮᠤ᠋᠃ ᠵᠢᠰᠠ ᠶᠢᠨ ᠮᠠᠯ ᠵᠠᠭᠤ ᠰᠢᠬᠠᠮ ᠪᠠᠶᠢᠳᠠᠭ᠃

     ᠳᠡᠮᠴᠢ ᠶᠢᠨ ᠰᠦᠮ᠎ᠡ

     ᠳᠤᠰ ᠰᠦᠮ᠎ᠡ ᠪᠤᠯ ᠡᠳᠦᠬᠡ ᠶᠢᠨ ᠬᠤᠷᠤᠭᠠᠠᠴᠠᠶᠢᠳᠠᠮ ᠨᠢᠬᠡᠳᠦᠯ ᠤᠨ ᠬᠦᠢᠳᠡᠨ ᠪᠤᠯᠠᠭ ᠬᠡᠮᠡᠬᠦ ᠭᠠᠵᠠᠷ ᠪᠠᠶᠢᠵᠠᠢ᠃ ᠴᠢᠩ ᠤᠨ ᠳᠦᠬᠡᠮᠡᠯ ᠡᠯᠪᠡᠭᠳᠦ ᠶᠢᠨ

ᠦᠶ᠎ᠡ ᠳᠤ ᠪᠠᠶᠢᠭᠤᠯᠵᠠᠢ᠃ ᠠᠷᠪᠠᠭᠠᠳ ᠯᠠᠮᠠ ᠲᠠᠢ ᠵᠢᠵᠢᠭ ᠬᠡᠶᠢᠳ ᠪᠠᠶᠢᠪᠠ᠃ 1930 ᠤᠨ ᠳᠤ ᠰᠦᠮ᠎ᠡ ᠨᠢ ᠦᠭᠡᠢ ᠪᠤᠯᠵᠤ ᠯᠠᠮᠠ ᠨᠠᠷ ᠨᠢ ᠳᠠᠷᠬᠠᠵᠠᠢ᠃

      ᠪᠠᠭ᠎ᠠ ᠰᠦᠮ᠎ᠡ

      ᠳᠤᠰ ᠰᠦᠮ᠎ᠡ ᠪᠤᠯ ᠡᠳᠦᠬᠡ ᠶᠢᠨ ᠬᠠᠨᠭ᠍ᠬᠢᠨ ᠬᠤᠰᠢᠭᠤᠨ ᠤ ᠬᠤᠷᠤᠭᠠᠠᠴᠠᠶᠢᠳᠠᠮ ᠨᠢᠬᠡᠳᠦᠯ ᠤᠨ ᠳᠦᠷᠪᠡᠳᠦᠬᠡᠷ ᠶᠡᠭᠡ ᠪᠠᠷᠢᠭᠠᠳᠠ ᠶᠢᠨ ᠴᠠᠭᠠᠨ ᠬᠤᠵᠢᠷ ᠤᠨ

ᠬᠤᠶᠢᠨ᠎ᠠ ᠪᠤᠢ᠃ ᠴᠢᠩ ᠤᠨ ᠪᠦᠷᠢᠶᠡᠳᠦ ᠵᠠᠰᠠᠭᠴᠢ ᠶᠢᠨ ᠤᠨ ᠳᠤ ᠪᠠᠶᠢᠭᠤᠯᠪᠠ᠃ ᠪᠠᠳᠠᠷᠠᠭᠤᠯᠳᠤ ᠳᠦᠷᠦ ᠶᠢᠨ ᠠᠷᠪᠠᠨ ᠬᠤᠶᠠᠳᠤᠭᠠᠷ ᠤᠨ ᠳᠤ ᠰᠢᠨᠡᠳᠬᠡᠨ

ᠵᠠᠰᠠᠵᠤ ᠪᠠᠶᠢᠭᠤᠯᠵᠠᠢ᠃ ᠶᠡᠭᠡ ᠰᠦᠮ᠎ᠡ ᠨᠢᠬᠡ᠂ ᠪᠠᠭ᠎ᠠ ᠰᠦᠮ᠎ᠡ ᠨᠢᠬᠡ᠂ ᠨᠡᠶᠢᠳᠡ ᠬᠤᠷᠢᠨ ᠨᠠᠢᠮᠠᠨ ᠳᠠᠰᠤᠯᠭ᠎ᠠ ᠲᠠᠢ᠂ ᠯᠠᠮᠠ ᠨᠠᠷ ᠤᠨ ᠰᠠᠭᠤᠬᠤ ᠪᠠᠶᠢᠰᠢᠩ ᠳᠦᠴᠢ

ᠰᠢᠬᠠᠮ ᠳᠠᠰᠤᠯᠭ᠎ᠠ ᠪᠠᠶᠢᠪᠠ᠃ ᠬᠤᠪᠢᠯᠭᠠᠨ ᠯᠠᠮᠠ ᠨᠢᠬᠡ᠂ ᠳ᠋ᠠ ᠯᠠᠮᠠ ᠨᠢᠬᠡ᠂ ᠳᠡᠮᠴᠢ᠂ ᠬᠡᠪᠬᠦᠢ ᠡᠬᠢᠨ ᠳᠡᠭᠡᠨ ᠨᠡᠶᠢᠳᠡ ᠠᠷᠪᠠᠨ ᠳᠤᠯᠤᠭ᠎ᠠ ᠪᠠᠶᠢᠪᠠ᠃ ᠵᠢᠯ ᠳᠤ

ᠵᠢᠷᠠᠨ ᠡᠳᠦᠷ ᠤᠨ ᠶᠡᠭᠡ ᠨᠤᠮ ᠤᠨ ᠬᠤᠷᠠᠯ ᠲᠠᠢ᠂ ᠵᠢᠰᠠ ᠶᠢᠨ ᠭᠠᠵᠠᠷ ᠳᠦᠴᠢᠨ ᠭᠤᠷᠪᠠᠨ ᠴᠢᠩ ᠬᠤᠷᠢᠨ ᠮᠤ᠋ ᠪᠠᠶᠢᠪᠠ᠃

      ᠤᠯᠠᠨ ᠪᠤᠯᠠᠭ ᠭᠠᠴᠠᠭ᠎ᠠ ︵ᠳᠠᠪᠤᠳᠤᠭᠠᠷ ᠶᠡᠭᠡ ᠪᠠᠷᠢᠭᠠᠳᠠ︶

      ᠬᠤᠷᠤᠭᠠᠠᠴᠠᠶᠢᠳᠠᠮ ᠰᠤᠮᠤᠨ ᠤ ᠪᠠᠷᠠᠭᠤᠨ ᠪᠡᠶ᠎ᠡ ᠳᠤ ᠪᠠᠶᠢᠭ᠎ᠠ ᠭᠠᠴᠠᠭ᠎ᠠ ᠪᠤᠯᠬᠤ ᠶᠤᠮ᠃ 1958 ᠤᠨ ᠳᠤ ᠬᠦᠢᠳᠡᠨ ᠪᠤᠯᠠᠭ᠂ ᠤᠯᠠᠭᠠᠨ ᠰᠢᠪᠠᠷᠳᠠᠢ ᠪᠠᠭ

 ᠢ ᠬᠠᠮᠳᠤᠷᠠᠭᠤᠯᠤᠨ ᠤᠯᠠᠠᠪᠤᠯᠠᠭ ᠪᠠᠷᠢᠭᠠᠳᠠ ᠪᠤᠯᠭᠠᠨ ᠪᠠᠶᠢᠭᠤᠯᠪᠠ᠃1983 ᠤᠨ ᠳᠤ ᠭᠠᠴᠠᠭ᠎ᠠ ᠬᠡᠵᠦ ᠬᠠᠯᠠᠪᠠ᠃ 211 ᠡᠷᠦᠬᠡ ᠲᠠᠢ᠂ 1086 ᠬᠦᠮᠦᠨ ᠠᠮᠠ

 ᠲᠠᠢ᠂ ᠮᠤᠩᠭᠤᠯ ᠦᠨᠳᠦᠰᠦᠳᠡᠨ ᠨᠢ 687 ᠪᠠᠶᠢᠵᠤ᠂ ᠳᠠᠷᠢᠶᠠᠨ ᠭᠠᠵᠠᠷ 362 ᠮᠤ᠋᠂ ᠤᠢ ᠰᠢᠭᠤᠢ ᠶᠢᠨ ᠳᠠᠯᠠᠪᠠᠢ ᠨᠢ 500 ᠮᠤ᠋᠂ ᠳᠠᠪᠤᠨ ᠬᠤᠰᠢᠭᠤ ᠮᠠᠯ 28.

198 ᠳᠤᠯᠤᠭᠠᠢ ᠪᠠᠶᠢᠵᠤ᠂ ᠰᠢᠯᠢᠷᠬᠡᠭ ᠭᠠᠵᠠᠷ ᠲᠠᠢ ᠴᠤᠯᠤ ᠮᠠᠯᠵᠢᠬᠤ ᠭᠠᠴᠠᠭ᠎ᠠ ᠪᠤᠯᠤᠨ᠎ᠠ᠃ ᠭᠠᠴᠠᠭ᠎ᠠ ᠵᠦᠪᠯᠡᠯ ᠨᠢ ᠤᠯᠠᠨ ᠪᠤᠯᠠᠭ ᠲᠤ ᠠᠯᠪᠠᠯᠠᠵᠤ ᠪᠤᠢ᠃

ᠴᠢᠯᠦᠬᠡᠯᠡᠭᠳᠡᠭᠰᠡᠨ ᠤ ᠳᠠᠷᠠᠭ᠎ᠠ ᠬᠤᠷᠤᠭᠠᠠᠴᠠᠶᠢᠳᠠᠮ᠂ ᠪᠠᠶᠠᠨ ᠪᠤᠯᠠᠭ ᠤᠨ ᠨᠢᠬᠡ ᠬᠡᠰᠡᠭ ᠦᠵᠦᠬᠦᠷ ᠪᠠᠶᠠᠨ ᠠᠶᠢᠯ ᠤᠨ ᠮᠠᠯ ᠤᠨᠤᠭ᠎ᠠ᠂ ᠠᠳᠤᠭᠤ ᠦᠬᠡᠷ᠂ ᠳᠡᠮᠡᠭᠡ

ᠬᠤᠨᠢ ᠢᠮᠠᠭ᠎ᠠ ᠶᠢ ᠬᠠᠮᠳᠤ ᠨᠡᠶᠢᠳᠡ ᠳᠤ ᠦᠨ᠎ᠡ ᠪᠤᠳᠤᠨ ᠬᠤᠪᠢ ᠤᠷᠤᠭᠤᠯᠵᠤ ᠤᠯᠤᠰ ᠤᠨ ᠰᠠᠩ ᠤᠨ ᠤᠯᠠᠨ ᠪᠤᠯᠠᠭ ᠮᠠᠯᠵᠢᠯ ᠤᠨ ᠳᠠᠯᠠᠪᠠᠢ ᠶᠢ ᠡᠬᠦᠳᠦᠨ

ᠪᠠᠶᠢᠭᠤᠯᠵᠤ᠂ ᠬᠠᠮᠳᠤ ᠨᠡᠶᠢᠳᠡ ᠶᠢᠨ ᠰᠦᠷᠦᠭ ᠪᠤᠯᠭᠠᠨ ᠮᠠᠯᠵᠢᠭᠰᠠᠨ ᠶᠤᠮ᠃ ᠶᠡᠷᠡᠬᠡᠳ ᠤᠨ ᠤ ᠳᠤᠮᠳᠠᠴᠢ ᠪᠠᠷ ᠤᠯᠠᠨ ᠪᠤᠯᠠᠭ ᠤᠨ ᠮᠠᠯᠵᠢᠯ ᠤᠨ ᠳᠠᠯᠠᠪᠠᠢ ᠶᠢ

ᠬᠠᠰᠤᠨ᠂ ᠬᠤᠷᠤᠭᠠᠠᠴᠠᠶᠢᠳᠠᠮ ᠰᠤᠮᠤᠨ ᠳᠤ ᠬᠠᠷᠢᠶᠠᠯᠠᠭᠤᠯᠬᠤ ᠳᠤ ᠬᠤᠷᠤᠭᠠᠠᠴᠠᠶᠢᠳᠠᠮ ᠰᠤᠮᠤᠨ ᠤ ᠳᠠᠪᠤᠳᠤᠭᠠᠷ ᠶᠡᠭᠡ ᠪᠠᠷᠢᠭᠠᠳᠠ ᠲᠠᠢ ᠨᠡᠶᠢᠯᠡᠬᠦᠯᠦᠨ ᠨᠢᠬᠡ

ᠭᠠᠴᠠᠭ᠎ᠠ ᠪᠤᠯᠭᠠᠨ ᠬᠠᠮᠳᠤᠷᠠᠭᠤᠯᠵᠤ ᠤᠯᠠᠠᠪᠤᠯᠠᠭ ᠭᠠᠴᠠᠭ᠎ᠠ ᠬᠡᠵᠦ ᠨᠡᠷᠡᠶᠢᠳᠪᠡ᠃ ᠳᠤᠰ ᠭᠠᠵᠠᠷ ᠲᠤ ᠤᠯᠠᠨ ᠡᠷᠪᠢᠨ ᠪᠤᠯᠠᠭ ᠪᠠᠶᠢᠭᠰᠠᠨ ᠤᠴᠢᠷ ᠤᠯᠠᠨ ᠪᠤᠯᠠᠭ

ᠬᠡᠵᠦ ᠨᠡᠷᠡᠶᠢᠳᠴᠡᠢ᠃ ᠠᠳᠡ ᠤᠯᠠᠠᠪᠤᠯᠠᠭ ᠤᠨ ᠰᠦᠮ᠎ᠡ ᠬᠡᠵᠦ ᠪᠠᠶᠢᠭᠰᠠᠨ ᠪᠦᠬᠡᠳ ᠡᠳᠦᠬᠡ ᠴᠦ ᠭᠤᠤᠯ ᠳᠤᠭᠠᠡᠭ ᠨᠢ ᠨᠤᠷᠠᠭᠰᠠᠨ ᠦᠭᠡᠢ ᠦᠯᠡᠳᠡᠵᠦ ᠪᠠᠶᠢᠬᠤ

ᠶᠤᠮ᠃ ᠳᠤᠰ ᠭᠠᠴᠠᠭᠠᠨ ᠳᠤ ᠤᠯᠠᠭᠠᠨ ᠳᠤᠯᠤᠭᠠᠢ᠂ ᠤᠯᠠᠭᠠᠨ ᠰᠢᠪᠠᠷᠳᠠᠢ᠂ ᠳᠤᠮᠳᠠ ᠴᠢᠷᠭ᠎ᠠ᠂ ᠪᠠᠶᠠᠷ ᠤᠨ ᠬᠤᠭᠤᠯᠠᠢ᠂ ᠤᠯᠠᠨ ᠬᠠᠷ᠎ᠠ ᠶᠢᠨ ᠠᠴᠠ᠂ ᠦᠬᠡᠷ

ᠬᠠᠳᠠ ᠬᠡᠰᠡᠨ ᠨᠡᠷ᠎ᠡ ᠲᠠᠢ ᠰᠠᠶᠢᠬᠠᠨ ᠭᠠᠵᠠᠷ ᠤᠳ ᠪᠤᠢ᠃

     ᠭᠠᠴᠠᠭ᠎ᠠ ᠵᠦᠪᠯᠡᠯ ᠳᠤ ᠳᠤᠰᠢᠶᠠᠯ᠂ ᠠᠯᠪᠠ ᠲᠠᠢ ᠬᠦᠮᠦᠰ᠄

     ᠪᠤᠯᠤᠳ᠂ ᠪᠤᠤᠰᠤᠸᠠᠷ᠂ ᠬᠠᠰᠪᠠᠭᠠᠳᠤᠷ᠂ ᠳᠠᠮᠪᠠᠳᠠᠷᠵᠠᠢ᠂ ᠰᠢᠳᠠᠩ᠂ ᠬᠡᠰᠢᠭᠳᠦᠬᠦᠷᠡᠩ᠂ ᠡᠷᠳᠡᠨᠢᠪᠠᠭᠠᠳᠤᠷ᠃

     ᠤᠯᠠᠨ ᠪᠤᠯᠠᠭ ᠤᠨ ᠰᠦᠮ᠎ᠡ

     ᠡᠳᠦᠬᠡ ᠶᠢᠨ ᠬᠠᠨᠭ᠍ᠬᠢᠨ ᠬᠤᠰᠢᠭᠤᠨ ᠤ ᠬᠤᠷᠤᠭᠠᠠᠴᠠᠶᠢᠳᠠᠮ ᠨᠢᠬᠡᠳᠦᠯ ᠤᠨ ᠳᠠᠪᠤᠳᠤᠭᠠᠷ ᠶᠡᠭᠡ ᠪᠠᠷᠢᠭᠠᠳᠠ ᠶᠢᠨ ᠤᠯᠠᠨ ᠪᠤᠯᠠᠭ ᠬᠡᠮᠡᠬᠦ ᠭᠠᠵᠠᠷ ᠲᠤ ᠪᠤᠢ᠃

ᠴᠢᠩ ᠤᠨ ᠳᠦᠬᠡᠮᠡᠯ ᠡᠯᠪᠡᠭᠳᠦ ᠶᠢᠨ ᠤᠨ ᠳᠤ ᠪᠠᠶᠢᠭᠤᠯᠵᠠᠢ᠃ ᠪᠠᠳᠠᠷᠠᠭᠤᠯᠳᠤ ᠳᠦᠷᠦ ᠶᠢᠨ ᠠᠷᠪᠠᠳᠤᠭᠠᠷ ᠤᠨ ︵1884︶ ᠳᠤ ᠰᠢᠨᠡᠳᠬᠡᠨ ᠪᠠᠶᠢᠭᠤᠯᠪᠠ᠃

ᠶᠡᠭᠡ ᠰᠦᠮ᠎ᠡ ᠨᠢᠬᠡ᠂ ᠪᠠᠭ᠎ᠠ ᠰᠦᠮ᠎ᠡ ᠨᠢᠬᠡ᠂ ᠬᠤᠶᠠᠷ ᠰᠦᠮ᠎ᠡ ᠨᠡᠶᠢᠳᠡ ᠭᠤᠴᠢᠨ ᠳᠤᠯᠤᠭᠠᠨ ᠳᠠᠰᠤᠯᠭ᠎ᠠ᠂ ᠯᠠᠮᠠ ᠨᠠᠷ ᠤᠨ ᠰᠠᠭᠤᠬᠤ ᠪᠠᠶᠢᠰᠢᠩ ᠳᠦᠴᠢᠨ

ᠵᠢᠷᠭᠤᠭᠠᠨ ᠳᠠᠰᠤᠯᠭ᠎ᠠ ᠲᠠᠢ ᠪᠠᠶᠢᠪᠠ᠃ ᠬᠡᠶᠢᠳ ᠲᠤ ᠬᠤᠪᠢᠯᠭᠠᠨ ᠯᠠᠮᠠ ᠨᠢᠬᠡ᠂ ᠳ᠋ᠠ ᠯᠠᠮᠠ ᠨᠢᠬᠡ ᠬᠡᠪᠬᠦᠢ ᠡᠬᠢᠯᠡᠨ ᠪᠦᠬᠦ ᠯᠠᠮᠠ ᠬᠤᠷᠢ ᠰᠢᠬᠠᠮ ᠨᠡᠷ᠎ᠡ ᠪᠠᠶᠢᠵᠠᠢ᠃

ᠵᠢᠯ ᠳᠤ ᠨᠠᠶᠠᠨ ᠬᠤᠶᠠᠷ ᠡᠳᠦᠷ ᠤᠨ ᠨᠤᠮ ᠤᠨ ᠶᠡᠭᠡ ᠬᠤᠷᠠᠯ ᠲᠠᠢ᠃ ᠰᠦᠮ᠎ᠡ ᠶᠢᠨ ᠵᠢᠰᠠ ᠭᠠᠵᠠᠷ ᠭᠤᠷᠪᠠᠨ ᠴᠢᠩ ᠬᠤᠷᠢᠨ ᠮᠤ᠋ ᠪᠠᠶᠢᠪᠠ᠃ ᠬᠡᠶᠢᠳ ᠤᠨ ᠨᠤᠮ

 ᠤᠨ ᠨᠡᠷ᠎ᠡ ᠶᠢ ᠴᠢᠮᠡᠳᠳᠡᠷᠴᠢᠯᠢᠩ ᠬᠡᠳᠡᠭ᠃

     ᠦᠬᠡᠷ ᠬᠠᠳᠠ᠂ ᠤᠯᠠᠭᠠᠨ ᠰᠢᠪᠠᠷᠳᠠᠢ ᠶᠢᠨ ᠴᠠᠶᠢᠳᠠᠮ᠂ ᠤᠯᠠᠭᠠᠨ ᠳᠤᠯᠤᠭᠠᠢ ᠶᠢᠨ ᠤᠷᠤᠢ

     ᠬᠠᠨᠭ᠍ᠬᠢᠨ ᠬᠤᠰᠢᠭᠤᠨ ᠤ ᠬᠤᠷᠤᠭᠠᠠᠴᠠᠶᠢᠳᠠᠮ ᠰᠤᠮᠤᠨ ᠤ ᠤᠯᠠᠨ ᠪᠤᠯᠠᠭ ᠭᠠᠴᠠᠭᠠᠨ ᠤ ᠵᠡᠬᠦᠨ ᠪᠡᠶ᠎ᠡ ᠳᠤ ᠬᠤᠷᠤᠭᠠᠨ ᠵᠤᠤ ᠭᠠᠴᠠᠭ᠎ᠠ ᠪᠠ ᠳᠤᠰ ᠭᠠᠴᠠᠭ᠎ᠠ

 ᠶᠢᠨ ᠰᠠᠪᠠ ᠳᠡᠬᠡᠷ᠎ᠡ ᠦᠬᠡᠷ ᠬᠠᠳᠠ ᠬᠡᠰᠡᠨ ᠭᠠᠵᠠᠷ ᠪᠠᠶᠢᠳᠠᠭ᠂ ᠡᠨᠡ ᠭᠠᠵᠠᠷ ᠠᠴᠠ ᠬᠤᠶᠢᠰᠢ ᠭᠤᠷᠪᠠ ᠳᠦᠷᠪᠡᠨ ᠤ ᠭᠠᠵᠠᠷ ᠲᠤ ᠤᠯᠠᠭᠠᠨ ᠰᠢᠪᠠᠷᠳᠠᠢ ᠶᠢᠨ

ᠴᠠᠶᠢᠳᠠᠮ ᠬᠡᠵᠦ ᠪᠤᠢ᠃ ᠦᠬᠡᠷ ᠬᠠᠳᠠ ᠬᠡᠵᠦ ᠨᠢᠬᠡᠨ ᠵᠡᠬᠦᠨᠰᠢ ᠪᠠᠷᠠᠭᠤᠨᠰᠢ ᠪᠠᠨ ᠦᠷᠬᠦᠯᠵᠢᠯᠡᠭᠰᠡᠨ ᠰᠢᠯᠢ ᠶᠢᠨ ᠨᠢᠷᠤᠭᠤᠨ ᠳᠡᠬᠡᠷ᠎ᠡ ᠪᠠᠶᠢᠭ᠎ᠠ ᠬᠤᠭᠤᠷᠤᠨᠳᠤ ᠪᠠᠨ

ᠶᠡᠭᠡ ᠬᠤᠯᠠ ᠦᠭᠡᠢ᠂ ᠤᠶᠢᠷᠠᠯᠴᠠᠭ᠎ᠠ ᠪᠠᠶᠢᠭ᠎ᠠ ᠦᠬᠡᠷ ᠤᠨ ᠬᠡᠪᠳᠡᠰᠢ ᠶᠢᠨ ᠮᠠᠶ᠋ᠢᠭ ᠲᠠᠢ ᠪᠠᠶᠢᠷᠢᠰᠢᠭᠰᠠᠨ ᠠᠷᠪᠠᠨ ᠬᠡᠳᠦᠨ ᠶᠡᠭᠡ ᠬᠠᠳᠠ ᠶᠢ ᠬᠡᠯᠡᠳᠡᠭ ᠶᠤᠮ᠃

ᠴᠡᠯᠡᠬᠡᠷ ᠠᠭᠤᠳᠠᠮ ᠡᠨᠡᠬᠦ ᠰᠢᠯᠢ ᠶᠢᠨ ᠨᠢᠷᠤᠭᠤᠨ ᠳᠡᠬᠡᠷ᠎ᠡ ᠡᠳᠡᠬᠡᠷ ᠠᠷᠪᠠᠨ ᠬᠡᠳᠦᠨ ᠬᠦᠷᠡᠩ ᠤᠯᠠᠭᠠᠨ ᠦᠡᠭᠬᠡ ᠲᠠᠢ ᠬᠠᠳᠠ ᠨᠢ ᠡᠬᠡᠬᠡ ᠯᠠ ᠰᠢᠯᠢ ᠳᠤ

ᠢᠳᠡᠰᠢᠯᠡᠬᠡᠳ ᠴᠠᠳᠤᠭᠰᠠᠨ ᠦᠬᠡᠷ ᠤᠳ ᠬᠡᠪᠳᠡᠵᠦ ᠪᠠᠶᠢᠭ᠎ᠠ ᠮᠡᠳᠦ ᠡᠳᠡᠬᠡᠳ ᠰᠤᠨᠢᠬᠠᠨ ᠬᠠᠷᠠᠭᠳᠠᠳᠠᠭ ᠳᠤᠯᠠ ᠮᠤᠩᠭᠤᠯᠴᠤᠳ ᠡᠨᠡᠬᠦ ᠰᠢᠯᠢ ᠶᠢᠨ ᠤᠷᠤᠢ ᠶᠢ ᠦᠬᠡᠷ

ᠬᠠᠳᠠ ᠶᠢᠨ ᠤᠷᠤᠢ ᠬᠡᠵᠦ ᠳᠦᠷᠰᠦᠯᠡᠨ ᠨᠡᠷᠡᠯᠡᠵᠦ ᠳᠠᠭᠤᠳᠠᠭᠰᠠᠭᠠᠷ ᠢᠷᠡᠵᠡᠢ᠃

     ᠦᠬᠡᠷ ᠬᠠᠳᠠ ᠶᠢᠨ ᠤᠷᠤᠢ ᠶᠢᠨ ᠬᠤᠶᠢᠳᠤ ᠬᠦᠮᠦᠬᠡᠢ ᠳᠤ ᠨᠢᠬᠡᠨ ᠴᠠᠶᠢᠳᠠᠮ ᠪᠠᠶᠢᠳᠠᠭ᠃ ᠡᠨᠡ ᠴᠠᠶᠢᠳᠠᠮ ᠢ ᠤᠯᠠᠭᠠᠨ ᠰᠢᠪᠠᠷᠳᠠᠢ ᠶᠢᠨ ᠴᠠᠶᠢᠳᠠᠮ ᠬᠡᠳᠡᠭ᠂

ᠡᠨᠡ ᠴᠠᠶᠢᠳᠠᠮ ᠤᠨ ᠪᠠᠷᠠᠭᠤᠨ ᠡᠮᠦᠨ᠎ᠡ ᠬᠦᠪᠡᠬᠡᠨ ᠳᠤᠨᠢ ᠤᠯᠠᠭᠠᠨ ᠳᠤᠯᠤᠭᠠᠢ ᠬᠡᠳᠡᠭ ᠦᠨᠳᠦᠷ ᠰᠢᠭ ᠤᠷᠤᠢ ᠪᠤᠢ᠃ ᠤᠯᠠᠭᠠᠨ ᠦᠡᠭᠬᠡᠳᠡᠢ ᠭᠠᠨᠢ᠂ ᠵᠠᠭᠠᠷᠠᠭ ᠰᠢᠪᠡᠷ

 ᠢᠶᠠᠷ ᠪᠦᠷᠢᠯᠳᠦᠭᠰᠡᠨ ᠤᠷᠤᠢ ᠤᠴᠢᠷ ᠠᠴᠠ ᠬᠦᠮᠦᠰ ᠤᠯᠠᠭᠠᠨ ᠳᠤᠯᠤᠭᠠᠢ ᠬᠡᠳᠡᠭ᠃ ᠤᠯᠠᠭᠠᠨ ᠰᠢᠪᠠᠷᠳᠠᠢ ᠶᠢᠨ ᠴᠠᠶᠢᠳᠠᠮ ᠳᠤ ᠳᠡᠷᠡᠰᠦ᠂ ᠴᠡᠬᠢᠷᠮ᠎ᠡ ᠵᠡᠷᠬᠡ ᠶᠢᠨ

ᠤᠷᠭᠤᠮᠠᠯ ᠳᠤᠩ ᠰᠠᠶᠢᠨ ᠤᠷᠭᠤᠨ᠎ᠠ᠃ ᠡᠶᠢᠮᠦ ᠠᠴᠠ ᠠᠳᠡᠬᠢ ᠶᠢᠨ ᠮᠠᠯᠴᠢᠳ ᠡᠨᠡᠬᠦ ᠴᠠᠶᠢᠳᠠᠮ ᠢᠶᠠᠨ ᠬᠠᠳᠤᠯᠠᠩ ᠤᠨ ᠭᠠᠵᠠᠷ ᠪᠤᠯᠭᠠᠵᠤ ᠡᠪᠦᠯ ᠬᠠᠪᠤᠷ ᠤᠨ ᠳᠦᠯ

ᠮᠠᠯ ᠤᠨ ᠡᠪᠡᠰᠦ ᠪᠠᠨ ᠠᠳᠡ ᠠᠴᠠ ᠬᠤᠷᠢᠶᠠᠳᠠᠭ᠃ ᠨᠡᠩ ᠴᠦ ᠵᠢᠷᠠᠭᠠᠳ ᠤᠨ ᠤ ᠳᠤᠮᠳᠠᠴᠢ ᠦᠶ᠎ᠡ ᠶᠢᠨ ᠬᠦᠨᠳᠦ ᠰᠦᠷᠡᠬᠡᠢ ᠭᠠᠨᠭ᠌ ᠬᠠᠭᠰᠠᠷᠭᠠᠨ ᠳᠤ ᠳᠤᠰ

ᠴᠠᠶᠢᠳᠠᠮ ᠤᠨ ᠳᠡᠷᠡᠰᠦ᠂ ᠴᠡᠬᠢᠷᠮ᠎ᠡ ᠨᠢ ᠬᠤᠷᠤᠭᠠᠠᠴᠠᠶᠢᠳᠠᠮ ᠰᠤᠮᠤᠨ ᠤ ᠮᠠᠯ ᠤᠨ ᠡᠪᠡᠰᠦ ᠬᠤᠷᠢᠶᠠᠵᠤ ᠬᠠᠳᠤᠬᠤ ᠭᠠᠵᠠᠷ ᠪᠤᠯᠵᠤ᠂ ᠬᠤᠯᠠ ᠤᠶᠢᠷ᠎ᠠ ᠶᠢᠨ ᠮᠠᠯᠴᠢᠳ

 ᠢ ᠵᠤᠬᠢᠶᠠᠨ ᠪᠠᠶᠢᠭᠤᠯᠤᠨ ᠠᠳᠡ ᠢᠷᠡᠵᠦ ᠡᠪᠡᠰᠦ ᠬᠠᠳᠤᠭᠤᠯᠵᠤ ᠬᠤᠷᠢᠶᠠᠳᠠᠭ ᠪᠠᠶᠢᠵᠠᠢ᠃ ᠤᠯᠠᠭᠠᠨ ᠳᠤᠯᠤᠭᠠᠢ ᠶᠢᠨ ᠵᠡᠬᠦᠨ ᠬᠤᠶᠢᠳᠤ ᠪᠡᠶ᠎ᠡ ᠳᠤ ᠪᠠᠶᠢᠭ᠎ᠠ ᠡᠨᠡᠬᠦ

ᠴᠠᠶᠢᠳᠠᠮ ᠢ ᠤᠯᠠᠭᠠᠨ ᠳᠤᠯᠤᠭᠠᠢ ᠶᠢᠨ ᠤᠯᠠᠭᠠᠨ ᠦᠡᠭᠬᠡ ᠲᠠᠢ ᠭᠠᠨᠢ᠂ ᠵᠠᠭᠠᠷᠠᠭ᠂ ᠰᠢᠪᠠᠷ ᠤᠨ ᠦᠡᠭᠬᠡ ᠪᠠᠷ ᠤᠯᠠᠭᠠᠨ ᠰᠢᠪᠠᠷᠳᠠᠢ ᠶᠢᠨ ᠴᠠᠶᠢᠳᠠᠮ ᠬᠡᠵᠦ ᠳᠠᠭᠤᠳᠠᠬᠤ

ᠪᠤᠯᠤᠭᠰᠠᠨ ᠶᠤᠮ᠃

     ᠡᠳᠦᠬᠡ ᠬᠤᠷᠤᠭᠠᠠᠴᠠᠶᠢᠳᠠᠮ ᠰᠤᠮᠤ ᠦᠭᠡᠢ ᠪᠤᠯᠵᠤ᠂ ᠰᠤᠮᠤᠨ ᠤ ᠭᠠᠵᠠᠷ ᠢ ᠬᠤᠶᠠᠷ ᠠᠩᠬᠢᠯᠠᠨ ᠪᠤᠰᠤᠳ ᠰᠤᠮᠤ ᠪᠠᠯᠭᠠᠰᠤᠨ ᠳᠤ ᠦᠭᠬᠦ ᠦᠶᠡᠰ ᠡᠨᠡᠬᠦ

ᠴᠠᠶᠢᠳᠠᠮ ᠪᠠ ᠦᠬᠡᠷ ᠬᠠᠳᠠ᠂ ᠤᠯᠠᠭᠠᠨ ᠳᠤᠯᠤᠭᠠᠢ ᠶᠢᠨ ᠤᠷᠤᠢ ᠨᠢ ᠭᠠᠴᠠᠭ᠎ᠠ ᠪᠠᠨ ᠳᠠᠭᠠᠵᠤ ᠶᠡᠭᠡ ᠤᠰᠤ ᠰᠤᠮᠤᠨ ᠤ ᠬᠠᠷᠢᠶᠠᠨ ᠳᠤ ᠤᠷᠤᠭᠰᠠᠨ ᠪᠠᠶᠢᠨ᠎ᠠ᠃  ︵

1979 ᠤᠨ ᠳᠤ ᠰᠧᠹᠧᠯᠮ᠎ᠡ ᠨᠠᠰᠤᠳᠠᠨ ᠤ ᠶᠠᠷᠢᠭᠰᠠᠨ ᠢ ᠳᠤᠳᠤ ᠳᠡᠮᠳᠡᠭᠯᠡᠨ ᠡᠮᠬᠢᠳᠬᠡᠪᠡ᠃︶

     ᠤᠯᠠᠨ ᠬᠠᠷ᠎ᠠ

     ᠬᠠᠨᠭ᠍ᠬᠢᠨ ᠬᠤᠰᠢᠭᠤᠨ ᠤ ᠬᠤᠷᠤᠭᠠᠠᠴᠠᠶᠢᠳᠠᠮ ᠰᠤᠮᠤᠨ ᠤ ᠤᠯᠠᠨ ᠪᠤᠯᠠᠭ ᠭᠠᠴᠠᠭᠠᠨ ᠤ ᠪᠠᠶᠠᠷ ᠤᠨ ᠬᠤᠭᠤᠯᠠᠢ ᠶᠢᠨ ᠪᠠᠷᠠᠭᠤᠨ ᠳᠡᠬᠡᠷ᠎ᠡ ︽ᠤᠯᠠᠨ ᠬᠠᠷ᠎ᠠ︾

ᠬᠡᠮᠡᠬᠦ ᠤᠯᠠᠨ ᠱᠤᠷᠤᠩ ᠤᠷᠬᠢᠯ ᠤᠳ ᠲᠠᠢ ᠦᠨᠳᠦᠷ ᠰᠢᠯᠢ ᠨᠢᠷᠤᠭᠤᠳ ᠪᠠᠶᠢᠳᠠᠭ᠃ ᠳᠤᠬᠠᠢ ᠶᠢᠨ ᠭᠠᠵᠠᠷ ᠤᠨ ᠪᠤᠭᠤᠷᠤᠯᠴᠤᠳ ᠤᠨ ᠤᠯᠠᠮᠵᠢᠯᠠᠨ ᠶᠠᠷᠢᠭᠰᠠᠨ

ᠡᠶᠢᠮᠦ ᠨᠢᠬᠡᠨ ᠳᠤᠮᠤᠭ ᠪᠠᠶᠢᠳᠠᠭ ᠰᠠᠨ᠃

     ᠶᠡᠭᠡ ᠤᠵᠤᠭᠤᠷ ᠲᠤ ᠡᠨᠡ ᠬᠡᠰᠡᠭ ᠭᠠᠵᠠᠷ ᠬᠡᠭᠴᠢ ᠭᠠᠭᠴᠠᠬᠠᠨ ᠦᠨᠳᠦᠷ ᠳᠤᠪᠤᠴᠠᠭ ᠲᠠᠢ ᠶᠡᠭᠡ ᠤᠷᠤᠢ ᠪᠠᠶᠢᠭᠰᠠᠨ ᠬᠡᠨ᠎ᠡ᠃ ᠳᠡᠷᠡ ᠦᠶᠡᠰ ᠲᠤ ︽

ᠶᠤᠯᠳᠤᠷᠮ᠎ᠠ︾ ᠬᠡᠳᠡᠭ ᠨᠢᠬᠡᠨ ᠳᠡᠮᠦᠷ ᠤᠨ ᠳᠠᠷᠬᠠᠨ ᠤᠳᠤᠭ ᠬᠤᠰᠢᠭᠤᠨ ᠤ ᠤᠷᠠᠨ ᠳᠦᠰᠢ ᠶᠢᠨ ᠠᠭᠤᠯᠠᠨ ᠳᠤ ᠰᠠᠭᠤᠵᠤ ᠪᠠᠶᠢᠭᠰᠠᠨ ᠪᠠᠶᠢᠵᠠᠢ᠃ ᠶᠤᠯᠳᠤᠷᠮ᠎ᠠ

ᠳᠠᠷᠬᠠᠨ ᠬᠡᠭᠴᠢ ᠰᠦᠷᠡᠬᠡᠢ ᠠᠪᠤᠷᠭᠤ ᠪᠦᠳᠦᠬᠦᠨ ᠬᠦᠮᠦᠨ ᠪᠠᠶᠢᠵᠤ ᠬᠡᠨ᠎ᠡ᠃ ᠳᠡᠷᠡ ᠬᠦᠯ ᠢᠶᠠᠨ ᠵᠢᠬᠢᠵᠦ   ︵ᠰᠤᠩᠭᠠᠵᠤ︶ ᠤᠨᠳᠠᠬᠤ ᠳᠤ ᠰᠡᠶᠢᠬᠢ ᠬᠦᠯ ᠨᠢ ᠶᠠᠭ

ᠰᠠᠶᠢᠬᠠᠨ ᠬᠤᠷᠤᠭᠠᠠᠴᠠᠶᠢᠳᠠᠮ ᠰᠤᠮᠤᠨ ᠤ ᠤᠯᠠᠨ ᠬᠠᠷ᠎ᠠ ᠳᠤ ᠬᠦᠷᠳᠡᠭ ᠪᠠᠶᠢᠵᠠᠢ᠃ ᠳᠡᠬᠡᠬᠡᠳ ᠤᠨᠳᠠᠵᠤ ᠬᠡᠪᠳᠡᠨ ᠡᠷᠬᠢᠵᠦ ᠤᠷᠪᠠᠭ᠋ᠤ ᠳᠠᠭᠠᠨ ᠬᠦᠯ ᠢᠶᠠᠨ

ᠢᠰᠬᠦᠴᠡᠭᠰᠡᠨ ᠠᠴᠠ ᠤᠯᠠᠨ ᠠᠷᠪᠢᠨ ᠶᠡᠭᠡ ᠪᠠᠭ᠎ᠠ ᠱᠤᠷᠤᠩ ᠭᠠᠷᠴᠠᠢ᠃ ᠪᠦᠬᠡᠰᠦ ᠬᠠᠵᠠᠵᠤ ᠠᠭᠤᠷ ᠤᠮᠤᠭ ᠢ ᠨᠢ ᠬᠦᠷᠬᠡᠭᠰᠡᠨ ᠳᠤ ᠬᠦᠴᠦᠳᠡᠢ ᠰᠢᠭ ᠨᠢᠬᠡ

ᠳᠡᠶᠢᠴᠢᠭᠰᠡᠨ ᠴᠢᠨᠢ ᠰᠡᠶᠢᠬᠢ ᠭᠠᠭᠴᠠᠬᠠᠨ ᠦᠨᠳᠦᠷ ᠤᠷᠤᠢ ᠨᠢ ᠶᠡᠭᠡ ᠪᠠᠭ᠎ᠠ ᠬᠤᠶᠠᠷ ᠦᠨᠳᠦᠷ ᠤᠷᠤᠢ ᠪᠤᠯᠵᠤ ᠬᠤᠪᠢᠶᠠᠭᠳᠠᠭᠰᠠᠨ ᠪᠠᠶᠢᠨ᠎ᠠ᠃ ᠤᠯᠠᠨ ᠠᠷᠪᠢᠨ

ᠳᠤᠪᠤᠴᠠᠭ ᠱᠤᠷᠤᠩ ᠲᠠᠢ ᠪᠤᠯᠤᠭᠰᠠᠨ ᠠᠴᠠ ᠳᠡᠬᠦᠨ ᠢ ︽ᠤᠯᠠᠨ ᠬᠠᠷ᠎ᠠ︾ ᠭᠡᠵᠦ ᠳᠠᠭᠤᠳᠠᠬᠤ ᠪᠤᠯᠤᠭᠰᠠᠨ ᠬᠡᠨ᠎ᠡ᠃  ︵78 ᠨᠠᠰᠤᠳᠠᠢ ᠪᠠᠳᠠᠢ ᠶᠢᠨ ᠶᠠᠷᠢᠭᠰᠠᠨ ᠢ

ᠳᠤᠳᠤ ᠱᠢᠷᠦᠨᠴᠢᠮᠡᠭ ᠡᠮᠬᠢᠳᠬᠡᠪᠡ᠃︶

     ᠪᠠᠶᠠᠷ ᠤᠨ ᠬᠤᠭᠤᠯᠠᠢ

     ᠬᠠᠨᠭ᠍ᠬᠢᠨ ᠬᠤᠰᠢᠭᠤᠨ ᠤ ᠬᠤᠷᠤᠭᠠᠠᠴᠠᠶᠢᠳᠠᠮ ᠰᠤᠮᠤᠨ ᠤ ᠳᠠᠪᠤᠳᠤᠭᠠᠷ ᠭᠠᠴᠠᠭ᠎ᠠ ᠶᠢᠨ ᠤᠯᠠᠨ ᠬᠠᠷ᠎ᠠ ᠶᠢᠨ ᠠᠴᠠᠨ ᠳᠤ ᠵᠡᠬᠦᠨᠰᠢ ᠪᠠᠷᠠᠭᠤᠨᠰᠢ ᠪᠠᠨ

ᠰᠤᠨᠤᠭᠰᠠᠨ ᠨᠢᠬᠡᠨ ᠬᠤᠭᠤᠯᠠᠢ ᠬᠦᠨᠳᠡᠢ ᠶᠢ ᠪᠠᠶᠠᠷ ᠤᠨ ᠬᠤᠭᠤᠯᠠᠢ ᠬᠡᠳᠡᠭ᠃ ᠠᠳᠡᠬᠢ ᠶᠢᠨ ᠨᠠᠰᠤᠳᠠᠶᠢᠴᠤᠳ ᠤᠨ ᠬᠡᠯᠡᠬᠦ ᠪᠠᠷ᠂ ᠶᠠᠭᠠᠬᠢᠭᠠᠳ ᠪᠠᠶᠠᠷ ᠤᠨ ᠬᠤᠭᠤᠯᠠᠢ

ᠬᠡᠳᠡᠭ ᠢ ᠮᠠᠨᠤᠰ ᠶᠠ ᠳᠡᠶᠢᠮᠦ ᠰᠠᠶᠢᠬᠠᠨ ᠮᠡᠳᠡᠬᠦ ᠦᠭᠡᠢ᠂ ᠪᠤᠳᠤᠵᠤ ᠦᠵᠡᠪᠡᠯ ᠤᠵᠤᠭᠤᠷ ᠲᠤ ᠪᠠᠶᠠᠷ ᠬᠡᠳᠡᠭ ᠠᠶᠢᠯ ᠰᠠᠭᠤᠵᠤ ᠪᠠᠶᠢᠭᠰᠠᠨ ᠮᠠᠭᠠᠳ ᠦᠭᠡᠢ᠂

ᠬᠡᠪᠡᠴᠦ ᠴᠢᠯᠦᠬᠡᠯᠡᠭᠳᠡᠬᠦ ᠠᠴᠠ ᠡᠮᠦᠨ᠎ᠡ ᠡᠨᠡ ᠭᠠᠵᠠᠷ ᠲᠤ ᠬᠤᠰᠢᠭᠤ ᠨᠤᠳᠤᠭ ᠲᠠᠭᠠᠨ ᠨᠡᠷ᠎ᠡ ᠲᠠᠢ ᠪᠠᠶᠠᠨ ᠠᠶᠢᠯ ᠵᠠᠮᠪᠢ ᠬᠡᠭᠴᠢ ᠰᠠᠭᠤᠵᠤ ᠪᠠᠶᠢᠭᠰᠠᠨ ᠢ ᠮᠠᠨᠤᠰ

ᠬᠠᠷᠢᠨ ᠰᠠᠶᠢᠨ ᠮᠡᠳᠡᠬᠦ ᠰᠢᠦ᠃ ᠵᠠᠮᠪᠢ ᠬᠡᠳᠡᠭ ᠠᠶᠢᠯ ᠤᠨ ᠬᠤᠨᠢ ᠢᠮᠠᠭ᠎ᠠ ᠬᠡᠭᠴᠢ ᠬᠤᠳᠤᠭᠤᠷ ᠢᠶᠠᠷ ᠬᠡᠮᠵᠢᠨ ᠵᠢᠰᠦᠯᠡᠵᠦ᠂ ᠠᠳᠤᠭᠤ᠂ ᠦᠬᠡᠷ᠂ ᠳᠡᠮᠡᠭᠡ ᠪᠠᠨ

ᠪᠡᠯᠴᠢᠬᠡᠷ ᠤᠨ ᠦᠵᠦᠬᠦᠷ ᠪᠠᠷᠤᠭᠯᠠᠳᠠᠭ ᠰᠦᠷᠡᠬᠡᠢ ᠪᠠᠶᠠᠨ ᠬᠦᠮᠦᠨ ᠪᠠᠶᠢᠭᠰᠠᠨ᠂ ᠢᠡᠭᠬᠡᠬᠡᠳ ᠳᠡᠬᠦᠨ ᠢ ᠬᠦᠮᠦᠰ ︽ᠪᠠᠶᠠᠨ ᠵᠠᠮᠪᠢ︾ ᠬᠡᠵᠦ ᠳᠠᠭᠤᠳᠠᠨ᠂ ᠬᠤᠰᠢᠭᠤ

ᠨᠤᠳᠤᠭ ᠲᠤ ᠨᠡᠷ᠎ᠡ ᠴᠤᠤ ᠲᠠᠢ ᠪᠤᠯᠤᠭᠰᠠᠨ ᠶᠤᠮ᠃

     ᠰᠠᠭᠠᠷᠢ ᠶᠢᠨ ᠤᠷᠤᠢ᠂ ᠤᠯᠠᠭᠠᠨ ᠳᠤᠯᠤᠭᠠᠢ᠂ ᠳᠠᠬᠤ ᠶᠢᠨ ᠪᠠᠯᠠᠷ᠂ ᠳᠤᠭᠤᠨᠤ ᠶᠢᠨ ᠬᠠᠳᠠ

     ᠬᠠᠨᠭ᠍ᠬᠢᠨ ᠬᠤᠰᠢᠭᠤᠨ ᠤ ᠬᠤᠷᠤᠭᠠᠠᠴᠠᠶᠢᠳᠠᠮ ᠰᠤᠮᠤᠨ ᠤ ᠤᠯᠠᠠᠪᠤᠯᠠᠭ ᠭᠠᠴᠠᠭᠠᠨ ᠳᠤ ᠰᠠᠭᠠᠷᠢ ᠶᠢᠨ ᠤᠷᠤᠢ᠂ ᠤᠯᠠᠭᠠᠨ ᠳᠤᠯᠤᠭᠠᠢ᠂ ᠳᠠᠬᠤ ᠶᠢᠨ ᠪᠠᠯᠠᠷ᠂

ᠦᠬᠡᠷ ᠬᠠᠳᠠ ᠬᠡᠮᠡᠬᠦ ᠨᠡᠷ᠎ᠡ ᠲᠠᠢ ᠭᠠᠵᠠᠷ ᠤᠳ ᠪᠠᠶᠢᠳᠠᠭ᠃

     ᠰᠠᠭᠠᠷᠢ ᠶᠢᠨ ᠤᠷᠤᠢ ᠬᠡᠭᠴᠢ ᠪᠤᠯ ᠨᠢᠬᠡᠨ ᠦᠨᠳᠦᠷᠬᠡᠨ ᠰᠢᠭ ᠰᠢᠯᠢ ᠤᠷᠤᠢ ᠶᠤᠮ᠃ ᠡᠨᠡᠬᠦ ᠰᠢᠯᠢ ᠤᠷᠤᠢ ᠪᠠᠷ ᠡᠪᠡᠰᠦ ᠪᠡᠯᠴᠢᠬᠡᠷ ᠰᠠᠶᠢᠨ ᠤᠷᠭᠤᠬᠤ ᠶᠢᠨ

ᠳᠠᠭᠠᠤ ᠤᠷᠳᠤᠳ ᠡᠪᠡᠰᠦ ᠰᠦᠷᠡᠬᠡᠢ ᠰᠠᠶᠢᠬᠠᠨ ᠤᠷᠭᠤᠳᠠᠭ᠃ ᠢᠡᠭᠬᠡᠬᠦᠯᠡᠷ ᠬᠠᠪᠤᠷ ᠪᠤᠯᠬᠤ ᠪᠦᠷᠢ ᠠᠶᠢᠯ ᠡᠷᠦᠬᠡ ᠶᠢᠨ ᠤᠯᠠᠨ ᠠᠷᠪᠢᠨ ᠡᠯᠵᠢᠬᠡ ᠡᠨᠡ ᠰᠢᠯᠢ ᠶᠢᠨ

ᠤᠷᠤᠢ ᠳᠡᠬᠡᠷ᠎ᠡ ᠬᠤᠮᠤᠷᠠᠯᠳᠠᠨ ᠴᠤᠭᠯᠠᠷᠠᠵᠤ᠂ ᠤᠷᠳᠤᠳ ᠡᠪᠡᠰᠦ ᠶᠢ ᠬᠡᠮᠢᠯᠡᠳᠡᠭ᠃ ᠮᠠᠨ ᠤ ᠤᠷᠳᠤᠰ ᠮᠤᠩᠭᠤᠯᠴᠤᠳ᠂ ᠢᠯᠠᠩᠭᠤᠶ᠎ᠠ ᠬᠠᠨᠭ᠍ᠬᠢᠨ ᠮᠤᠩᠭᠤᠯᠴᠤᠳ

ᠡᠯᠵᠢᠬᠡ ᠶᠢ ᠰᠠᠭᠠᠷᠢ ᠬᠡᠵᠦ ᠳᠠᠭᠤᠳᠠᠳᠠᠭ ᠳᠤᠯᠠ ᠡᠨᠡ ᠤᠷᠤᠢ ᠶᠢ ᠢᠡᠭᠬᠡᠵᠦ ᠨᠡᠷᠡᠯᠡᠭᠰᠡᠨ᠃ ᠤᠯᠠᠭᠠᠨ ᠳᠤᠯᠤᠭᠠᠢ ᠬᠡᠵᠦ ᠳᠤᠰ ᠪᠠᠷᠢᠭᠠᠳᠠ ᠶᠢᠨ ᠶᠡᠭᠡ ᠤᠰᠤ

ᠰᠤᠮᠤᠨ ᠤ ᠰᠢᠨᠡᠴᠢᠷᠭ᠎ᠠ ᠭᠠᠴᠠᠭ᠎ᠠ ᠲᠠᠢ ᠰᠠᠪᠠᠯᠠᠵᠤ ᠪᠠᠶᠢᠭ᠎ᠠ  ᠭᠠᠵᠠᠷ ᠶᠤᠮ᠃ ᠡᠨᠡ ᠰᠢᠯᠢ ᠳᠤ ᠠᠶᠢᠯ ᠡᠷᠦᠬᠡ ᠴᠦᠬᠡᠨ ᠪᠠᠶᠢᠳᠠᠭ᠂ ᠤᠴᠢᠷ ᠨᠢ ᠤᠰᠤ ᠬᠤᠮᠰᠠ᠂

ᠭᠠᠨᠭ᠌ ᠬᠠᠭᠰᠠᠷᠭᠠᠨ ᠬᠡᠴᠡᠬᠦᠦ ᠰᠢᠭ ᠪᠠᠶᠢᠳᠠᠭ᠃ ᠳᠠᠬᠤ ᠶᠢᠨ ᠪᠠᠯᠠᠷ ᠬᠡᠵᠦ ᠪᠠᠶᠠᠷ ᠤᠨ ᠬᠤᠭᠤᠯᠠᠢ ᠶᠢᠨ ᠪᠠᠷᠠᠭᠤᠨ ᠰᠤᠭᠤ ᠳᠤ ᠪᠠᠶᠢᠳᠠᠭ ᠰᠢᠪᠠᠭ ᠰᠢᠷᠠᠯᠵᠢ ᠲᠠᠢ

ᠵᠢᠵᠢᠭ ᠪᠠᠯᠠᠷ ᠢ ᠬᠡᠯᠡᠳᠡᠭ ᠶᠤᠮ᠃ ᠡᠨᠡ ᠪᠠᠯᠠᠷ ᠠᠴᠠ ᠵᠢᠭᠠᠬᠠᠨ ᠡᠮᠦᠨ᠎ᠡ ᠰᠢᠭ ᠭᠠᠵᠠᠷ ᠲᠤ ᠬᠡᠳᠦᠨ ᠳᠤᠮᠤ ᠬᠠᠳᠠ ᠪᠠᠶᠢᠳᠠᠭ᠂ ᠡᠨᠡ ᠬᠠᠳᠠ ᠶᠢ ︽ᠳᠤᠭᠤᠨᠤ ᠶᠢᠨ

ᠬᠠᠳᠠ︾ ᠬᠡᠳᠡᠭ᠃ ᠬᠡᠯᠡᠪᠡᠯ ᠪᠠᠰᠠ ᠭᠠᠶᠢᠬᠠᠮᠠᠷ ᠬᠠᠳᠠ ᠰᠢᠦ᠂ ᠳᠤᠭᠤᠤᠷ ᠨᠢ ᠬᠡᠳᠦ ᠬᠡᠳᠦᠨ ᠬᠦᠨᠳᠡᠶᠢᠷᠡᠭᠰᠡᠨ ᠨᠦᠬᠡ ᠲᠠᠢ᠂ ᠬᠦᠮᠦᠨ ᠤᠷᠤᠵᠤ ᠬᠡᠪᠳᠡᠵᠦ ᠪᠤᠯᠤᠮᠠᠷ

ᠬᠤᠨᠭ᠍ᠭᠤᠷᠴᠠᠭ ᠨᠦᠬᠡ ᠲᠠᠢ᠂ ᠵᠠᠷᠢᠮ ᠭᠠᠵᠠᠷ ᠨᠢ ᠨᠠᠭᠠᠰᠢ ᠴᠠᠭᠠᠰᠢ ᠪᠠᠨ ᠨᠡᠪᠳᠡᠷᠡᠭᠰᠡᠨ ᠨᠦᠬᠡ ᠲᠠᠢ᠂ ᠮᠤᠩᠭᠤᠯ ᠬᠡᠷ ᠤᠨ ᠳᠤᠭᠤᠨᠤ ᠲᠠᠢ ᠠᠳᠠᠯᠢᠬᠠᠨ ᠳᠡᠬᠡᠭᠰᠢ ᠪᠠᠨ

ᠬᠠᠷᠠᠬᠤ ᠳᠤ ᠳᠡᠭᠷᠢ ᠦᠵᠡᠭᠳᠡᠳᠡᠭ ᠳᠤᠭᠤᠨᠤ ᠶᠢᠨ ᠬᠡᠯᠪᠡᠷᠢ ᠲᠠᠢ᠂ ᠡᠶᠢᠮᠦ ᠨᠢᠬᠡᠨ ᠬᠠᠴᠢᠨ ᠶᠡᠭᠡ ᠬᠠᠳᠠ ᠪᠤᠢ᠃ ᠬᠦᠮᠦᠰ ᠳᠡᠬᠡᠬᠡᠳ ᠳᠤᠭᠤᠨᠤ ᠶᠢᠨ ᠬᠠᠳᠠ ᠬᠡᠵᠦ

ᠳᠠᠭᠤᠳᠠᠵᠠᠭᠠᠳᠠᠭ᠃ ᠳᠤᠷᠵᠢᠷᠢᠨᠴᠢᠨ ᠬᠡᠭᠴᠢ ᠠᠶᠢᠯ ᠶᠠᠭ ᠰᠠᠶᠢᠬᠠᠨ ᠪᠠᠷᠠᠭᠤᠨ ᠳᠡᠬᠡᠷ᠎ᠡ ᠨᠢ ᠤᠶᠢᠷᠠᠬᠠᠨ ᠰᠠᠭᠤᠵᠤ ᠪᠤᠢ᠃ ︵ᠠᠯᠳᠠᠪᠤᠤ᠂ ᠵᠤᠷᠢᠭᠳᠤ᠂

ᠳᠤᠷᠵᠢᠷᠢᠨᠴᠢᠨ᠂ ᠨᠠᠮᠰᠠᠷᠠᠢ ᠨᠠᠷ ᠶᠠᠷᠢᠭᠰᠠᠨ ᠢ ᠳᠤᠳᠤ ᠳᠡᠮᠳᠡᠭᠯᠡᠪᠡ᠃︶

     ᠬᠤᠷᠤᠭᠠᠨ ᠵᠤᠤ ᠭᠠᠴᠠᠭ᠎ᠠ ︵ᠨᠢᠬᠡᠳᠦᠬᠡᠷ ᠶᠡᠭᠡ ᠪᠠᠷᠢᠭᠠᠳᠠ︶

     ᠬᠤᠷᠤᠭᠠᠠᠴᠠᠶᠢᠳᠠᠮ ᠰᠤᠮᠤᠨ ᠤ ᠪᠠᠷᠠᠭᠤᠨ ᠵᠠᠬ᠎ᠠ ᠳᠤ ᠪᠠᠶᠢᠭ᠎ᠠ ᠭᠠᠴᠠᠭ᠎ᠠ ᠪᠤᠯᠬᠤ ᠶᠤᠮ᠃ ᠭᠠᠴᠠᠭ᠎ᠠ ᠵᠦᠪᠯᠡᠯ ᠨᠢ ᠬᠤᠷᠤᠭᠠᠨ ᠵᠤᠤ ᠳᠡᠬᠡᠷ᠎ᠡ ᠰᠠᠭᠤᠵᠤ ᠪᠤᠢ᠃

1972 ᠤᠨ ᠳᠤ ᠴᠠᠶᠢᠳᠠᠮ ᠭᠠᠴᠠᠭ᠎ᠠ      ︵ᠳᠡᠷᠡ ᠦᠶ᠎ᠡ ᠳᠤ ᠨᠢᠬᠡᠳᠦᠬᠡᠷ ᠶᠡᠭᠡ ᠪᠠᠷᠢᠭᠠᠳᠠ ᠬᠡᠵᠦ ᠪᠠᠶᠢᠵᠠᠢ︶ ᠶᠢᠨ ᠪᠤᠷᠤ ᠳᠤᠯᠤᠭᠠᠢ᠂ ᠶᠡᠭᠡ ᠤᠰᠤ᠂

ᠦᠬᠡᠬᠦᠢ ᠭᠤᠷᠪᠠᠨ ᠪᠠᠭ᠎ᠠ ᠪᠠᠷᠢᠭᠠᠳᠠ ᠶᠢ ᠰᠠᠯᠭᠠᠨ ᠬᠤᠪᠢ ᠪᠠᠷ ᠨᠢ ᠬᠤᠷᠤᠭᠠᠠᠴᠠᠶᠢᠳᠠᠮ ᠰᠤᠮᠤᠨ ᠤ ᠵᠢᠷᠭᠤᠳᠤᠭᠠᠷ ᠶᠡᠭᠡ ᠪᠠᠷᠢᠭᠠᠳᠠ ᠪᠤᠯᠭᠠᠨ ᠪᠠᠶᠢᠭᠤᠯᠪᠠ᠃

1983 ᠤᠨ ᠳᠤ ᠭᠠᠴᠠᠭ᠎ᠠ ᠪᠤᠯᠪᠠ᠃ ᠨᠡᠶᠢᠳᠡ 105 ᠡᠷᠦᠬᠡ ᠲᠠᠢ᠂ 470 ᠬᠦᠮᠦᠨ ᠠᠮᠠ ᠲᠠᠢ᠂ ᠮᠤᠩᠭᠤᠯ ᠦᠨᠳᠦᠰᠦᠳᠡᠨ 308 ᠪᠠᠶᠢᠵᠤ᠂   ᠳᠠᠷᠢᠶᠠᠨ

ᠭᠠᠵᠠᠷ 700 ᠮᠤ᠋᠂ ᠤᠢ ᠰᠢᠭᠤᠢ ᠶᠢᠨ ᠳᠠᠯᠠᠪᠠᠢ 1221 ᠮᠤ᠋᠂ ᠳᠠᠪᠤᠨ ᠬᠤᠰᠢᠭᠤ ᠮᠠᠯ 1.556 ᠳᠤᠯᠤᠭᠠᠢ᠂ ᠰᠢᠯᠢᠷᠬᠡᠭ ᠭᠠᠵᠠᠠᠷ ᠶᠤᠮ᠃ ᠳᠤᠰ ᠭᠠᠴᠠᠭᠠᠨ

 ᠳᠤ ᠦᠡᠭᠬᠦᠯᠴᠡᠭ ᠤᠨ ᠴᠠᠶᠢᠳᠠᠮ᠂ ᠤᠯᠠᠭᠠᠨ ᠳᠤᠭᠤᠷᠢᠮ᠂ ᠰᠠᠳᠠᠭ ᠤᠨ ᠭᠤᠤᠯ ᠬᠡᠮᠡᠬᠦ ᠨᠡᠷ᠎ᠡ ᠲᠠᠢ ᠭᠠᠵᠠᠷ ᠤᠳ ᠪᠠᠶᠢᠳᠠᠭ᠃ ᠡᠳᠦᠬᠡ ᠤᠤᠯ ᠤᠨ ᠴᠠᠶᠢᠳᠠᠮ

ᠪᠠᠷᠢᠭᠠᠳᠠ ᠲᠠᠢ ᠪᠠᠨ ᠬᠠᠮᠳᠤᠷᠠᠭᠠᠳ ︽ᠬᠤᠷᠤᠭᠠᠨ ᠴᠠᠶᠢᠳᠠᠮ ᠭᠠᠴᠠᠭ᠎ᠠ︾ ᠬᠡᠵᠦ ᠨᠡᠷᠡᠶᠢᠳᠦᠭᠳᠡᠬᠡᠳ ᠪᠤᠢ᠃

     ᠭᠠᠴᠠᠭ᠎ᠠ ᠵᠦᠪᠯᠡᠯ ᠳᠤ ᠳᠤᠰᠢᠶᠠᠯ᠂ ᠠᠯᠪᠠ ᠲᠠᠢ ᠬᠦᠮᠦᠰ᠄

     ᠨᠠᠸᠠᠠᠳᠤᠪᠳᠠᠨ᠂ ᠶᠧ ᠯᠦᠸᠧ ᠽᠢ᠂ ᠳᠦᠳᠦᠪ᠂ ᠪᠠᠳᠤᠮᠦ᠋ᠡᠭᠬᠡ᠂ ᠵᠢᠷᠦᠮᠳᠦ᠂ ᠪᠠᠳᠤᠳᠡᠯᠬᠡᠷ᠂ ᠮᠠᠩᠯᠠᠢ᠂ ᠳᠤᠭᠠᠷᠵᠠᠪ᠂ ᠪᠤᠶᠠᠠᠬᠡᠰᠢᠭ᠂ ᠪᠠᠳᠤ᠃

     ᠬᠦᠬᠡ ᠳᠠᠯ᠎ᠠ᠂ ᠪᠤᠷᠤ ᠳᠤᠯᠤᠭᠠᠢ

     ᠬᠠᠨᠭ᠍ᠬᠢᠨ ᠬᠤᠰᠢᠭᠤᠨ ᠤ ᠬᠤᠷᠤᠭᠠᠠᠴᠠᠶᠢᠳᠠᠮ ᠰᠤᠮᠤᠨ ᠤ ᠪᠠᠷᠠᠭᠤᠨ ᠬᠤᠶᠢᠳᠤ ᠳᠠᠯ᠎ᠠ ᠳᠤ ᠪᠤᠷᠤ ᠳᠤᠯᠤᠭᠠᠢ ᠬᠡᠮᠡᠬᠦ ᠦᠨᠳᠦᠷ ᠤᠷᠤᠢ ᠶᠢᠨ ᠡᠮᠦᠨ᠎ᠡ ᠪᠡᠶ᠎ᠡ ᠳᠤ

ᠬᠦᠬᠡ ᠳᠡᠯ᠎ᠡ ᠬᠡᠮᠡᠬᠦ ᠨᠡᠷ᠎ᠡ ᠲᠠᠢ ᠭᠠᠵᠠᠷ ᠪᠤᠢ᠃ ᠡᠨᠡ ᠭᠠᠵᠠᠷ ᠨᠢ ᠤᠤᠯ ᠳᠠᠭᠠᠨ ᠬᠤᠷᠤᠭᠠᠠᠴᠠᠶᠢᠳᠠᠮ ᠰᠤᠮᠤᠨ ᠤ ᠤᠯᠠᠭᠠᠨ ᠳᠤᠭ ᠪᠠᠷᠢᠭᠠᠳᠠ ︵ᠪᠠᠰᠠ ᠨᠢᠬᠡᠳᠦᠬᠡᠷ

ᠶᠡᠭᠡ ᠪᠠᠷᠢᠭᠠᠳᠠ ᠬᠡᠵᠦ ᠬᠡᠯᠡᠳᠡᠭ︶ ᠶᠢᠨ ᠬᠠᠷᠢᠶᠠᠨ ᠳᠤ ᠪᠠᠶᠢᠭᠰᠠᠨ ᠶᠤᠮ᠃ 1972 ᠤᠨ ᠳᠤ ᠨᠢᠬᠡ ᠪᠠᠷᠢᠭᠠᠳᠠ ᠶᠢ ᠬᠤᠶᠠᠷ ᠪᠠᠷᠢᠭᠠᠳᠠ ᠪᠤᠯᠭᠠᠨ ᠰᠠᠯᠭᠠᠵᠤ᠂

ᠤᠤᠯ ᠤᠨ ᠨᠢᠬᠡᠳᠦᠬᠡᠷ ᠶᠡᠭᠡ ᠪᠠᠷᠢᠭᠠᠳᠠ ᠶᠢ ᠴᠠᠶᠢᠳᠠᠮ ᠪᠠᠷᠢᠭᠠᠳᠠ ᠬᠡᠵᠦ᠂ ᠰᠠᠯᠵᠤ ᠭᠠᠷᠤᠭᠰᠠᠨ ᠬᠤᠶᠢᠳᠤ ᠬᠡᠰᠡᠭ ︵ᠪᠤᠷᠤᠳᠤᠯᠤᠭᠠᠢ ᠪᠠᠭ᠎ᠠ ᠪᠠᠷᠢᠭᠠᠳᠠ᠂ ᠦᠬᠡᠬᠦᠢ

ᠪᠠᠭ᠎ᠠ ᠪᠠᠷᠢᠭᠠᠳᠠ᠂ ᠶᠡᠭᠡ ᠤᠰᠤ ᠪᠠᠭ᠎ᠠ ᠪᠠᠷᠢᠭᠠᠳᠠ᠂ ᠳᠠᠷᠢᠶᠠᠯᠠᠩ ᠤᠨ ᠪᠠᠭ᠎ᠠ ᠪᠠᠷᠢᠭᠠᠳᠠ︶ ᠢ ᠬᠤᠷᠤᠭᠠᠨ ᠵᠤᠤ ᠭᠠᠴᠠᠭ᠎ᠠ ᠬᠡᠵᠦ᠂ ᠬᠦᠬᠡ ᠳᠠᠯ᠎ᠠ ᠬᠡᠮᠡᠬᠦ ᠭᠠᠵᠠᠷ ᠨᠢ

ᠴᠠᠶᠢᠳᠠᠮ ᠭᠠᠴᠠᠭ᠎ᠠ ᠳᠤ᠂ ᠪᠤᠷᠤ ᠳᠤᠯᠤᠭᠠᠢ ᠶᠢᠨ ᠤᠷᠤᠢ ᠬᠡᠮᠡᠬᠦ ᠭᠠᠵᠠᠷ ᠨᠢ ᠬᠤᠷᠤᠭᠠᠨ ᠵᠤᠤ ᠭᠠᠴᠠᠭ᠎ᠠ ᠳᠤ ᠬᠤᠪᠢᠶᠠᠭᠳᠠᠨ ᠴᠠᠶᠢᠳᠠᠮ ᠠᠯᠤᠰᠯᠠᠨ ᠪᠠᠷ᠎ᠠ ᠪᠠᠨ

ᠬᠠᠷᠠᠯᠴᠠᠭᠰᠠᠨ ᠭᠠᠵᠠᠷ ᠪᠤᠯᠤᠭᠰᠠᠨ ᠶᠤᠮ᠃

     ᠬᠦᠬᠡ ᠳᠠᠯ᠎ᠠ ᠬᠡᠮᠡᠭᠴᠢ ᠭᠠᠵᠠᠷ ᠲᠤ ᠢᠮᠠᠭᠠᠨ ᠬᠠᠷᠭᠠᠨ᠎ᠠ᠂ ᠠᠬᠢ᠂ ᠬᠢᠯᠭᠠᠨ᠎ᠠ᠂ ᠪᠤᠳᠠᠷᠭᠠᠨᠠᠭ ᠵᠡᠷᠭᠡ ᠶᠢᠨ ᠡᠪᠡᠰᠦ ᠤᠷᠭᠤᠮᠠᠯ ᠬᠡᠢ ᠵᠠᠢ ᠦᠭᠡᠢ ᠤᠷᠭᠤᠵᠤ᠂

ᠬᠦᠬᠡᠷᠡᠨ ᠬᠠᠷᠠᠭᠳᠠᠬᠤ ᠰᠠᠶᠢᠬᠠᠨ ᠳᠠᠯ᠎ᠠ ᠭᠠᠵᠠᠷ ᠪᠠᠶᠢᠭᠰᠠᠨ ᠳᠤᠯᠠ ᠬᠦᠬᠡ ᠳᠠᠯ᠎ᠠ ᠬᠡᠮᠡᠨ ᠨᠡᠷ᠎ᠡ ᠤᠯᠵᠠᠢ᠃ ᠳᠤᠰ ᠭᠠᠵᠠᠷ ᠲᠤ ᠳᠠᠯᠠᠭᠠᠳ ᠤᠨ ᠤ ᠳᠡᠬᠡᠷ᠎ᠡ ᠵᠢᠯ

 ᠤᠳ ᠢᠶᠠᠷ ᠨᠢᠬᠡᠨ ᠮᠠᠰᠢᠨ ᠬᠤᠳᠳᠤᠭ ᠦᠷᠦᠮᠳᠡᠵᠦ᠂ ᠤᠰᠤᠨ ᠠᠰᠢᠬᠯᠠᠯᠳᠠ ᠬᠢᠵᠦ ᠳᠠᠷᠢᠶᠠᠯᠠᠩ ᠳ᠋ᠠᠵᠠᠢ ᠠᠴᠠ ᠰᠤᠷᠤᠯᠴᠠᠬᠤ ᠦᠷᠨᠢᠯᠳᠡ ᠶᠢ ᠠᠳᠡ ᠴᠤᠬᠤᠮ ᠨᠢᠬᠡ

ᠰᠠᠶᠢᠨ ᠬᠢᠵᠦ ᠪᠢᠯᠡ᠃ ᠡᠬᠦᠨ ᠤ ᠳᠠᠭᠠᠤ ᠨᠤᠳᠤᠭ ᠲᠠᠭᠠᠨ ᠪᠤᠴᠠᠭᠰᠠᠨ ᠰᠡᠬᠡᠬᠡᠳᠡᠨ ᠪᠠ ᠬᠦᠳᠡᠭᠡ ᠳᠤᠰᠬᠤᠨ ᠮᠠᠯᠵᠢᠬᠤ ᠤᠷᠤᠨ ᠳᠤ ᠪᠠᠭᠤᠭᠰᠠᠨ ᠰᠡᠬᠡᠬᠡᠳᠡᠨ

ᠵᠠᠯᠠᠭᠤᠴᠤᠳ ᠤᠨ ᠠᠩᠬᠢ ᠠᠳᠡ ᠢᠷᠡᠵᠦ ᠨᠤᠳᠤᠭᠰᠢᠭᠰᠠᠨ ᠳᠤ ᠬᠡᠷ ᠤᠷᠤᠨ ᠪᠠᠶᠢᠭᠤᠯᠤᠨ ᠦᠭᠬᠦᠭᠰᠡᠨ ᠪᠢᠯᠡ᠃

     ᠪᠤᠷᠤ ᠳᠤᠯᠤᠭᠠᠢ ᠬᠡᠭᠴᠢ ᠪᠤᠯ ᠬᠤᠷᠤᠭᠠᠠᠴᠠᠶᠢᠳᠠᠮ ᠤᠨ ᠪᠠᠷᠠᠭᠤᠨ ᠬᠤᠶᠢᠳᠤ ᠪᠡᠶ᠎ᠡ ᠳᠤ ᠶᠡᠭᠡ ᠦᠨᠳᠦᠷ ᠪᠤᠷᠤᠯᠵᠢᠨ ᠤᠷᠤᠢ ᠶᠢ ᠬᠡᠯᠡᠳᠡᠭ ᠪᠢᠯᠡ᠃ ᠡᠶᠢᠮᠦ

 ᠠᠴᠠ ᠬᠦᠮᠦᠰ ᠡᠨᠡᠬᠦ ᠤᠷᠤᠢ ᠶᠢ ᠪᠤᠷᠤ ᠳᠤᠯᠤᠭᠠᠢ ᠶᠢᠨ ᠤᠷᠤᠢ ᠬᠡᠵᠦ ᠳᠠᠭᠤᠳᠠᠨ᠂ ᠠᠶᠠᠠᠳᠠᠭᠠᠨ ᠤᠷᠤᠢ ᠨᠢ ᠬᠡᠬᠡᠭᠳᠡᠵᠦ ᠪᠤᠷᠤ ᠳᠤᠯᠤᠭᠠᠢ ᠬᠡᠵᠦ ᠨᠡᠷᠡᠯᠡᠭᠳᠡᠨ

ᠰᠡᠬᠦᠯᠡᠷ ᠨᠢ ᠪᠠᠭ᠎ᠠ ᠪᠠᠷᠢᠭᠠᠳᠠ ᠶᠢᠨ ᠨᠡᠷ᠎ᠡ ᠪᠤᠯᠤᠭᠰᠠᠨ ᠶᠤᠮ᠃ ᠳᠤᠰ ᠳᠤᠯᠤᠭᠠᠢ ᠶᠢᠨ ᠡᠮᠦᠨ᠎ᠡ ᠬᠠᠵᠠᠭᠤ ᠳᠤ ᠤᠤᠯ ᠤᠨ ᠨᠢᠬᠡᠳᠦᠬᠡᠷ ᠶᠡᠭᠡ ᠪᠠᠷᠢᠭᠠᠳᠠ ᠶᠢᠨ

ᠳᠠᠷᠤᠭ᠎ᠠ᠂ ᠨᠠᠮ ᠤᠨ ᠡᠬᠦᠷ ᠤᠨ ᠱᠦᠵᠢ ᠪᠠᠶᠢᠬᠰᠠᠨ ᠴᠡᠩᠬᠡᠯᠳᠦᠬᠦᠷᠡᠩ ᠠᠪᠤᠭᠠᠢ ᠶᠢᠨ ᠬᠢ ᠰᠠᠭᠤᠵᠤ ᠪᠤᠢ᠃ ᠪᠤᠷᠤ ᠳᠤᠯᠤᠭᠠᠢ ᠶᠢᠨ ᠦᠨᠳᠦᠷ ᠤᠷᠤᠢ ᠳᠡᠬᠡᠷ᠎ᠡ

ᠨᠢᠬᠡᠨ ᠬᠠᠶᠢᠯᠠᠰᠤᠨ ᠮᠤᠳᠤ ᠤᠷᠭᠤᠵᠤ ᠪᠠᠶᠢᠳᠠᠭ᠃ ᠡᠨᠡᠬᠦ ᠬᠠᠶᠢᠯᠠᠰᠤ ᠶᠢ ᠵᠢᠷᠠᠭᠠᠳ ᠤᠨ ᠳᠤ ᠴᠡᠩᠬᠡᠯᠳᠦᠬᠦᠷᠡᠩ ᠠᠪᠤᠭᠠᠢ ᠳᠠᠷᠢᠵᠤ᠂ ᠬᠡᠷ ᠠᠴᠠ ᠪᠠᠨ ᠤᠰᠤ

ᠳᠠᠮᠨᠠᠨ ᠤᠰᠤᠯᠠᠵᠤ ᠠᠷᠠᠴᠢᠯᠠᠵᠤ ᠪᠠᠶᠢᠭᠠᠳ ᠤᠷᠭᠤᠭᠤᠯᠤᠭᠰᠠᠨ ᠶᠤᠮ᠃ ︵85 ᠨᠠᠰᠤᠳᠠᠢ ᠴᠡᠩᠬᠡᠯᠳᠦᠬᠦᠷᠡᠩ ᠨᠠᠰᠤᠳᠠᠨ ᠤ ᠶᠠᠷᠢᠬᠰᠠᠨ ᠢ ᠪᠠᠶᠠᠭᠤᠳ ᠡᠷᠳᠡᠨᠢ᠂

ᠳᠤᠳᠤ ᠳᠡᠮᠳᠡᠭᠯᠡᠪᠡ᠃︶

     ᠴᠡᠬᠡᠵᠢ ᠶᠢᠨ ᠳᠦᠬᠦᠮ

     ᠬᠠᠨᠭ᠍ᠬᠢᠨ ᠬᠤᠰᠢᠭᠤᠨ ᠤ ᠤᠤᠯ ᠤᠨ ᠬᠤᠷᠤᠭᠠᠠᠴᠠᠶᠢᠳᠠᠮ ᠰᠤᠮᠤᠨ ᠤ ᠪᠤᠷᠤ ᠳᠤᠯᠤᠭᠠᠢ ᠭᠠᠴᠠᠭ᠎ᠠ ᠪᠤᠯᠤᠨ ᠤᠤᠯ ᠤᠨ ᠶᠠᠰᠤᠳᠤ ᠰᠤᠮᠤᠨ ᠤ ᠠᠭᠤᠯᠵᠠᠷ ᠲᠤ

ᠨᠢᠬᠡᠨ ︽ᠴᠡᠬᠡᠵᠢ ᠶᠢᠨ ᠳᠦᠬᠦᠮ︾ ᠬᠡᠳᠡᠭ ᠳᠦᠬᠦᠮ ᠭᠠᠵᠠᠷ ᠪᠠᠶᠢᠳᠠᠭ᠃ ᠡᠳᠦᠬᠡ ᠪᠤᠯᠬᠤᠶ᠎ᠠ ᠬᠦᠮᠦᠰ ᠳᠤᠰ ᠭᠠᠵᠠᠷ ᠢ ᠤᠪᠠᠶᠢᠨ ᠳᠤ ᠴᠦ ᠦᠭᠡᠢ ᠪᠤᠯᠵᠤ᠂ ᠵᠢᠷᠠᠨ

ᠨᠠᠰᠤᠨ ᠠᠴᠠ ᠳᠤᠷᠤᠭᠰᠢᠬᠢ ᠶᠢᠨ ᠬᠦᠮᠦᠨ ᠪᠠᠷᠤᠭ ᠪᠦᠷ ᠮᠡᠳᠡᠬᠦ ᠦᠭᠡᠢ ᠪᠤᠯᠵᠠᠢ᠃ ᠶᠠᠭᠠᠬᠢᠭᠠᠳ ᠢᠡᠭᠬᠡᠵᠦ ᠨᠡᠷᠡᠯᠡᠳᠡᠭ ᠤᠨ ᠳᠤᠬᠠᠢ ᠳᠡᠬᠡᠷ᠎ᠡ ᠵᠠᠭᠤᠨ ᠤ 82 ᠤᠨ

 ᠳᠤ ᠪᠤᠷᠤ ᠳᠤᠯᠤᠭᠠᠢ ᠭᠠᠴᠠᠭᠠᠨ ᠤ ᠳᠠᠪᠢᠨᠳᠠᠢ ᠭᠤᠸᠠᠢ ᠲᠠᠢ ᠵᠤᠭᠤᠭᠳᠠᠬᠤ ᠳᠤᠮᠳᠠ ᠡᠶᠢᠮᠦ ᠨᠢᠬᠡᠨ ᠳᠤᠮᠤᠭ ᠢ ᠰᠤᠨᠤᠰᠴᠤ ᠪᠢᠯᠡ᠃

     ᠴᠤᠬᠤᠮ ᠠᠯᠢ ᠳᠦᠷᠦ ᠴᠠᠭ ᠦᠶ᠎ᠡ ᠶᠢ ᠨᠢ ᠮᠡᠳᠡᠬᠦ ᠦᠭᠡᠢ᠂ ᠶᠠᠮᠠᠷ ᠬᠡᠭᠴᠢ ᠭᠠᠵᠠᠷ ᠠᠴᠠ ᠶᠠᠭᠠᠬᠢᠵᠤ ᠢᠷᠡᠭᠰᠡᠨ ᠮᠤᠷᠢ ᠶᠤᠮ ᠪᠢᠯᠡ᠃ ᠬᠠᠷᠢᠨ ᠡᠨᠡ

ᠵᠢᠭᠠᠬᠠᠨ ᠳᠦᠬᠦᠮ ᠳᠤ ᠢᠷᠡᠬᠡᠳ ᠦᠬᠦᠴᠢᠬᠡᠭᠰᠡᠨ ᠪᠠᠶᠢᠪᠠ᠃ ᠬᠦᠮᠦᠰ ᠰᠤᠨᠢᠭᠤᠴᠢᠯᠠᠵᠤ ᠳᠡᠷᠬᠡᠳᠡ ᠨᠢ ᠤᠴᠢᠵᠤ ᠦᠵᠡᠪᠡᠯ᠂ ᠡᠨᠡ ᠮᠤᠷᠢ ᠴᠢᠨᠢ ᠬᠠᠷᠢᠨ ᠪᠦᠳᠦᠨ

ᠪᠡᠶ᠎ᠡ ᠳᠡᠭᠡᠨ ᠴᠢᠰᠦ ᠨᠦᠵᠢ ᠨᠠᠭᠠᠯᠳᠤᠭᠤᠯᠴᠢᠬᠠᠭᠰᠠᠨ᠂ ᠨᠢᠷᠤᠭᠤᠨ ᠳᠡᠬᠡᠷᠡᠬᠢ ᠡᠮᠡᠬᠡᠯ ᠳᠡᠬᠡᠷ᠎ᠡ ᠨᠢᠬᠡ ᠬᠦᠮᠦᠨ ᠤ ᠴᠡᠬᠡᠵᠢᠨ ᠪᠡᠶ᠎ᠡ ᠠᠴᠢᠴᠢᠬᠠᠭᠰᠠᠨ ᠪᠠᠶᠢᠵᠤ ᠬᠡᠨ᠎ᠡ᠃

ᠠᠵᠢᠬᠯᠠᠵᠤ ᠰᠠᠶᠢᠬᠠᠨ ᠬᠠᠷᠠᠪᠠᠯ ᠡᠨᠡ ᠮᠤᠷᠢ ᠶᠠᠮᠠᠷ ᠭᠠᠵᠠᠷ ᠤᠨ ᠶᠠᠮᠠᠷ ᠨᠢᠬᠡᠨ ᠰᠦᠷᠡᠬᠡᠢ ᠠᠯᠠᠯᠳᠤᠭᠠᠨ ᠳᠤᠯᠤᠯᠳᠤᠭᠠᠨ ᠤ ᠭᠠᠵᠠᠷ ᠠᠴᠠ ᠡᠵᠡᠨ ᠢᠶᠠᠨ ᠠᠪᠤᠷᠠᠨ

ᠳᠤᠳᠠᠭᠠᠵᠤ ᠭᠠᠷᠴᠤ ᠢᠷᠡᠭᠰᠡᠨ ᠨᠢ ᠢᠪ ᠢᠯᠡᠬᠡᠨ ᠪᠠᠶᠢᠯ᠎ᠠ᠃ ᠤᠵᠤᠭᠤᠷ ᠤᠨ ᠬᠦᠮᠦᠨ ᠳᠠᠶᠢᠨ ᠪᠠᠶᠢᠯᠳᠤᠭᠠᠨ ᠬᠢᠬᠦ ᠳᠡᠭᠡᠨ ᠰᠢᠷᠬᠠᠳᠤᠵᠤ ᠬᠡᠮᠳᠦᠴᠢᠬᠡᠪᠡᠯ ᠪᠡᠶ᠎ᠡ ᠪᠠᠨ

ᠮᠤᠷᠢᠨ ᠤ ᠪᠠᠨ ᠪᠡᠶ᠎ᠡ ᠠᠴᠠ ᠴᠢᠩᠭ᠎ᠠ ᠪᠠᠭᠯᠠᠨ ᠤᠷᠢᠶᠠᠵᠤ ᠳᠠᠯᠪᠢᠪᠠᠯ ᠮᠤᠷᠢ ᠨᠢ ᠡᠵᠡᠨ ᠢᠶᠠᠨ ᠠᠮᠢᠳᠤ ᠮᠡᠡᠳᠦ ᠪᠠᠷ ᠨᠤᠳᠤᠭ ᠲᠤᠨᠢ ᠬᠦᠷᠬᠡᠬᠡᠳ ᠠᠪᠠᠴᠢᠳᠠᠭ ᠬᠡᠨ᠎ᠡ᠃

ᠳᠡᠬᠡᠬᠦᠯᠡᠷ ᠡᠨᠡ ᠮᠤᠷᠢ ᠴᠦ ᠬᠡᠳ ᠡᠵᠡᠨ ᠢᠶᠠᠨ ᠠᠮᠢᠳᠤ ᠮᠡᠡᠳᠦ ᠪᠠᠷ ᠨᠤᠳᠤᠭ ᠲᠤᠨᠢ ᠬᠦᠷᠬᠡᠬᠦ ᠪᠠᠷ ᠰᠢᠷᠦᠬᠦᠨ ᠳᠤᠯᠤᠯᠳᠤᠭᠠᠨ ᠤ ᠳᠤᠮᠳᠠᠭᠤᠷ ᠰᠢᠪᠳᠤᠯᠠᠬᠤ ᠳᠠᠭᠠᠨ

ᠡᠵᠡᠨ ᠤ ᠪᠠᠨ ᠴᠡᠬᠡᠵᠢᠨ ᠬᠡᠰᠡᠭ ᠪᠡᠶ᠎ᠡ ᠶᠢ ᠯᠡ ᠠᠪᠴᠤ ᠭᠠᠷᠤᠭᠠᠳ ᠦᠪᠡᠷ ᠢᠶᠠᠨ ᠴᠦ ᠬᠦᠨᠳᠦ ᠰᠢᠷᠬᠠᠳᠤᠴᠢᠬᠠᠭᠠᠳ ᠵᠠᠮ ᠵᠠᠭᠤᠷ᠎ᠠ ᠠᠳᠡ ᠢᠷᠡᠬᠡᠳ ᠦᠬᠦᠴᠢᠭᠰᠡᠨ

ᠪᠠᠶᠢᠬᠤ ᠨᠢ ᠦᠨᠡᠬᠡᠷ ᠴᠦ ᠬᠠᠷᠠᠮᠰᠠᠯᠳᠠᠢ᠃ ᠳᠡᠬᠡᠬᠡᠳ ᠮᠤᠩᠭᠤᠯᠴᠤᠳ ᠶᠠᠭᠤ ᠴᠦ ᠪᠤᠯᠳᠤᠭᠠᠢ᠂ ᠠᠮᠢ ᠦᠢᠯᠡ ᠶᠤᠮ ᠴᠢᠨᠢ ᠬᠡᠳ ᠮᠤᠷᠢ ᠪᠠ ᠬᠦᠮᠦᠨ ᠤ ᠴᠡᠬᠡᠵᠢᠨ

ᠪᠡᠶ᠎ᠡ ᠶᠢ ᠨᠢ ᠤᠷᠤᠰᠢᠭᠤᠯᠵᠤ ᠳᠠᠯᠪᠢᠭᠠᠳ ᠡᠨᠡ ᠳᠦᠬᠦᠮ ᠢ ︽ᠴᠡᠬᠡᠵᠢ ᠶᠢᠨ ᠳᠦᠬᠦᠮ︾ ᠬᠡᠵᠦ ᠳᠠᠭᠤᠳᠠᠳᠠᠭ ᠪᠤᠯᠤᠭᠰᠠᠨ ᠬᠡᠨ᠎ᠡ᠃ ︵ᠳᠤᠳᠤ ᠳᠡᠮᠳᠡᠭᠯᠡᠪᠡ︶᠃

      ᠤᠯᠠᠭᠠᠨ ᠳᠤᠭᠤᠷᠢᠮ ᠤᠨ ᠨᠠᠭᠤᠷ

      ᠬᠠᠨᠭ᠍ᠬᠢᠨ ᠬᠤᠰᠢᠭᠤᠨ ᠤ ᠬᠤᠷᠤᠭᠠᠠᠴᠠᠶᠢᠳᠠᠮ ᠰᠤᠮᠤᠨ ᠤ ᠬᠤᠷᠤᠭᠠᠨ ᠵᠤᠤ ᠭᠠᠴᠠᠭ᠎ᠠ ᠶᠢᠨ ᠵᠡᠬᠦᠨ ᠬᠤᠶᠢᠳᠤ ᠪᠡᠶ᠎ᠡ ᠳᠤ ᠤᠯᠠᠭᠠᠨ ᠳᠤᠭᠤᠷᠢᠮ ᠤᠨ ᠨᠠᠭᠤᠷ

ᠬᠡᠵᠦ ᠤᠯᠠᠭᠠᠨ ᠦᠡᠭᠬᠡ ᠶᠢᠨ ᠰᠢᠪᠠᠷ ᠱᠠᠯᠴᠢᠭ ᠲᠠᠢ᠂ ᠬᠤᠷ᠎ᠠ ᠪᠤᠷᠤᠭᠠᠨ ᠶᠡᠭᠡ ᠪᠠᠶᠢᠪᠠᠯ ᠨᠠᠭᠤᠷ ᠳᠦᠬᠦᠷᠡᠩ ᠤᠰᠤ ᠲᠠᠢ ᠨᠢᠬᠡᠨ ᠳᠤᠭᠤᠷᠢᠮ ᠪᠤᠢ᠃ ᠡᠨᠡ ᠨᠠᠭᠤᠷ ᠢ

ᠤᠯᠠᠭᠠᠨ ᠳᠤᠭᠤᠷᠢᠮ ᠬᠡᠵᠦ ᠨᠡᠷᠡᠯᠡᠭᠰᠡᠨ ᠳᠤᠬᠠᠢ ᠨᠠᠰᠤᠳᠠᠶᠢᠴᠤᠳ ᠢᠡᠭᠬᠡᠵᠦ ᠬᠡᠯᠡᠯᠴᠡᠳᠡᠭ ᠰᠠᠨ᠃

ᠡᠷᠳᠡ ᠳᠡᠬᠡᠳᠦᠰ ᠠᠴᠠ ᠬᠦᠮᠦᠰ ᠡᠨᠡᠬᠦ ᠨᠠᠭᠤᠷ ᠲᠤ ᠬᠡᠢ ᠨᠠᠮᠤᠭ᠂ ᠰᠢᠪᠠᠷ ᠱᠠᠯᠴᠢᠭ ᠬᠦᠨ ᠪᠠᠶᠢᠳᠠᠭ ᠢ ᠤᠯᠵᠤ ᠮᠡᠳᠡᠭᠰᠡᠨ ᠦᠭᠡᠢ ᠪᠠᠶᠢᠵᠠᠢ᠃ ᠰᠡᠬᠦᠯᠳᠡᠵᠦ

ᠢᠷᠡᠬᠡᠳ ᠨᠢᠬᠡ ᠳᠡᠮᠡᠭᠡᠴᠢᠨ ᠭᠤᠸᠠᠢ ᠰᠤᠷᠠᠭ ᠡᠷᠢᠯ ᠳᠤ ᠭᠠᠷᠴᠤ ᠶᠠᠪᠤᠬᠤ ᠳᠤ ᠪᠠᠨ ᠡᠨᠡᠬᠦ ᠨᠠᠭᠤᠷ ᠢ ᠳᠡᠮᠡᠭᠡ ᠪᠠᠷ ᠴᠢᠬᠢ ︵ᠰᠢᠭᠤᠳ︶ ᠳᠤᠭᠤᠯᠵᠤ ᠭᠠᠷᠬᠤ ᠬᠡᠳ

ᠨᠠᠭᠤᠷ ᠤᠨ ᠭᠤᠤᠯ ᠳᠤᠮᠳᠠ ᠨᠢ ᠬᠦᠷᠬᠦ ᠲᠠᠢ ᠵᠡᠷᠬᠡ ᠬᠦᠨ ᠰᠢᠪᠠᠷ ᠲᠤ ᠰᠢᠬᠢᠳᠴᠦ᠂ ᠤᠨᠤᠭᠰᠠᠨ ᠳᠡᠮᠡᠬᠡᠨ ᠤ ᠬᠢᠨᠢ ᠪᠦᠬᠦ ᠴᠢᠨᠡᠬᠡᠨ ᠤᠷᠤᠴᠢᠬᠠᠵᠠᠢ᠃ ᠳᠡᠬᠦᠨ

 ᠠᠴᠠ ᠬᠤᠶᠢᠰᠢ ᠡᠨᠡ ᠨᠠᠭᠤᠷ ᠰᠢᠪᠠᠷ ᠬᠦᠨ ᠪᠠᠶᠢᠬᠤ ᠶᠢ ᠬᠦᠮᠦᠰ ᠮᠡᠳᠡᠵᠡᠬᠡᠵᠦ ᠳᠤᠭᠤᠷᠢᠵᠤ ᠳᠤᠭᠤᠶᠢᠯᠠᠨ ᠭᠠᠷᠳᠠᠭ ᠪᠤᠯᠤᠭᠰᠠᠨ ᠬᠡᠨ᠎ᠡ᠃ ᠢᠡᠭᠬᠡᠬᠡᠳ ᠤᠯᠠᠭᠠᠨ

ᠦᠡᠭᠬᠡ ᠲᠠᠢ ᠰᠢᠪᠠᠷ ᠱᠠᠯᠴᠢᠭ ᠤᠨ ᠦᠡᠭᠬᠡ ᠪᠠ ᠨᠠᠭᠤᠷ ᠢ ᠳᠤᠭᠤᠷᠢᠵᠤ ᠳᠤᠭᠤᠶᠢᠯᠠᠨ ᠭᠠᠷᠬᠤ ᠶᠢ ᠮᠡᠳᠡᠭᠳᠡᠬᠦ ᠶᠢᠨ ᠤᠯᠠᠮ ᠠᠴᠠ ᠬᠦᠮᠦᠰ ᠳᠤᠰ ᠨᠠᠭᠤᠷ ᠢ ᠤᠯᠠᠭᠠᠨ

ᠳᠤᠭᠤᠷᠢᠮ ᠤᠨ ᠨᠠᠭᠤᠷ ᠬᠡᠵᠦ ᠳᠠᠭᠤᠳᠠᠬᠤ ᠪᠤᠯᠵᠠᠢ᠃ ︵1982 ᠤᠨ ᠳᠤ ᠬᠤᠷᠤᠭᠠᠠᠴᠠᠶᠢᠳᠠᠮ ᠰᠤᠮᠤᠨ ᠤ 74 ᠨᠠᠰᠤᠳᠠᠢ ᠰᠠᠳᠠᠩᠳᠤᠷᠵᠢ ᠶᠠᠷᠢᠵᠤ᠂ ᠳᠤᠳᠤ

ᠳᠡᠮᠳᠡᠭᠯᠡᠪᠡ᠃︶

     ᠦᠬᠡᠬᠦ ᠶᠢᠨ ᠴᠠᠶᠢᠳᠠᠮ᠂ ᠦᠡᠭᠬᠦᠯᠴᠡᠭ ᠤᠨ ᠴᠠᠶᠢᠳᠠᠮ

     ᠬᠠᠨᠭ᠍ᠬᠢᠨ ᠬᠤᠰᠢᠭᠤᠨ ᠤ ᠬᠤᠷᠤᠭᠠᠠᠴᠠᠶᠢᠳᠠᠮ ᠰᠤᠮᠤᠨ ᠤ ᠬᠤᠷᠤᠭᠠᠨ ᠵᠤᠤ ᠭᠠᠴᠠᠭᠠᠨ ᠤ ᠭᠠᠵᠠᠷ ᠲᠤ ︽ᠦᠬᠡᠬᠦ ᠶᠢᠨ ᠴᠠᠶᠢᠳᠠᠮ︾᠂ ︽ᠦᠡᠭᠬᠦᠯᠴᠡᠭ ᠤᠨ

ᠴᠠᠶᠢᠳᠠᠮ︾ ᠬᠡᠳᠡᠭ ᠬᠤᠶᠠᠷ ᠴᠠᠶᠢᠳᠠᠮ ᠪᠠᠶᠢᠳᠠᠭ᠃ ᠦᠬᠡᠬᠦ ᠶᠢᠨ ᠴᠠᠶᠢᠳᠠᠮ ᠨᠢ ᠬᠤᠷᠤᠭᠠᠠᠴᠠᠶᠢᠳᠠᠮ ᠤᠨ ᠳᠦᠪ ᠠᠴᠠ ᠪᠠᠷᠠᠭᠤᠨᠰᠢ ᠪᠠᠨ ᠳᠤᠯᠤᠭᠠᠨ ᠭᠠᠵᠠᠷ ᠤᠨ

ᠵᠠᠶᠢᠳᠠᠢ ᠳᠤ ᠪᠤᠢ᠃

     ᠦᠬᠡᠬᠦ ᠶᠢᠨ ᠴᠠᠶᠢᠳᠠᠮ ᠬᠡᠭᠴᠢ ᠪᠤᠯ ᠬᠤᠷᠤᠭᠠᠠᠴᠠᠶᠢᠳᠠᠮ ᠤᠨ ᠬᠤᠶᠢᠰᠢ ᠪᠠᠨ ᠬᠠᠨᠳᠤᠭᠰᠠᠨ ᠨᠢᠬᠡ ᠰᠠᠯᠪᠤᠷᠢ ᠴᠠᠶᠢᠳᠠᠮ ᠨᠢ ᠪᠤᠯᠬᠤ ᠪᠦᠬᠡᠳ ᠡᠨᠡᠬᠦ ᠴᠠᠶᠢᠳᠠᠮ

 ᠤᠨ ᠳᠤᠮᠳᠠ ᠨᠢ ᠡᠬᠡᠬᠡ ᠯᠠ ᠦᠬᠡᠬᠦ‍ ᠰᠢᠭ ᠰᠠᠶᠢᠬᠠᠨ ᠪᠤᠨᠳᠤᠭᠤᠷ ᠴᠠᠭᠠᠨ  ᠬᠤᠶᠠᠷ ᠮᠠᠩᠬ᠎ᠠ ᠪᠠᠶᠢᠳᠠᠭ᠃ ᠡᠨᠡ ᠬᠤᠶᠠᠷ ᠮᠠᠩᠬ᠎ᠠ ᠨᠢ ᠴᠠᠶᠢᠳᠠᠮ ᠪᠠ ᠵᠦᠯᠬᠡ ᠶᠢᠨ

ᠳᠤᠮᠳᠠ ᠪᠠᠶᠢᠵᠤ᠂ ᠨᠤᠭᠤᠭᠠᠨ ᠢᠶᠠᠷ ᠪᠤᠴᠠᠯᠤᠭᠰᠠᠨ ᠡᠪᠡᠰᠦ ᠪᠡᠯᠴᠢᠬᠡᠷ ᠤᠨ ᠳᠤᠮᠳᠠ ᠬᠤᠶᠠᠷ ᠬᠡᠰᠡᠭ ᠮᠠᠩᠬ᠎ᠠ ᠨᠢ ᠦᠬᠡᠬᠦ‍ ᠰᠢᠭ ᠬᠦᠮᠦᠰ ᠲᠤ ᠤᠨᠴᠠᠭᠠᠢ ᠦᠵᠡᠭᠳᠡᠬᠦ

ᠤᠴᠢᠷ ᠠᠴᠠ ᠦᠬᠡᠬᠦ ᠶᠢᠨ ᠴᠠᠶᠢᠳᠠᠮ ᠬᠡᠵᠦ ᠨᠡᠷᠡᠯᠡᠭᠰᠡᠨ ᠬᠡᠨ᠎ᠡ᠃

     ᠦᠡᠭᠬᠦᠯᠴᠡᠭ ᠤᠨ ᠴᠠᠶᠢᠳᠠᠮ ᠬᠡᠭᠴᠢ ᠪᠤᠯ ᠦᠬᠡᠬᠦ ᠶᠢᠨ ᠴᠠᠶᠢᠳᠠᠮ ᠠᠴᠠ ᠵᠡᠬᠦᠨᠰᠢ ᠪᠠᠨ ᠳᠠᠪᠤ ᠵᠢᠷᠭᠤᠭᠠᠨ ᠭᠠᠵᠠᠷ ᠤᠨ ᠵᠠᠶᠢᠳᠠᠢ ᠪᠠᠶᠢᠵᠤ᠂ ᠡᠨᠡᠬᠦ ᠴᠠᠶᠢᠳᠠᠮ

 ᠤᠨ ᠪᠠᠷᠠᠭᠤᠨ ᠪᠡᠶ᠎ᠡ ᠳᠤ ᠬᠠᠨᠭ᠍ᠬᠢᠨ ᠶᠠᠮᠤᠨ ᠤ ᠬᠤᠰᠢᠭᠤ ᠵᠠᠬᠢᠷᠤᠭᠴᠢ᠂ ᠴᠢᠯᠦᠬᠡᠯᠡᠭᠳᠡᠭᠰᠡᠨ ᠤ ᠳᠠᠷᠠᠭ᠎ᠠ ᠬᠠᠨᠭ᠍ᠬᠢᠨ ᠬᠤᠰᠢᠭᠤᠨ ᠤ ᠳᠡᠳ᠋ ᠬᠤᠰᠢᠭᠤᠨ ᠳᠠᠷᠤᠭ᠎ᠠ᠂

ᠬᠤᠰᠢᠭᠤ ᠤᠯᠤᠰ ᠳᠦᠷᠦ ᠶᠢᠨ ᠵᠦᠪᠯᠡᠯᠬᠡᠨ ᠤ ᠳᠡᠳ᠋ ᠳᠡᠷᠢᠬᠦᠯᠡᠭᠴᠢ ᠪᠠᠶᠢᠭᠰᠠᠨ ᠰᠠᠳᠢᠪᠢᠰ ᠤᠨ ᠬᠡᠷ ᠰᠠᠭᠤᠵᠤ ᠪᠤᠢ᠃ ᠦᠡᠭᠬᠦᠯᠴᠡᠭ ᠤᠨ ᠴᠠᠶᠢᠳᠠᠮ ᠬᠡᠭᠴᠢ ᠪᠤᠯ

ᠦᠬᠡᠬᠦ ᠶᠢᠨ ᠴᠠᠶᠢᠳᠠᠮ ᠠᠴᠠ ᠡᠬᠢ ᠠᠪᠴᠤ ᠬᠤᠷᠤᠭᠠᠨ ᠵᠤᠤ ᠶᠢᠨ ᠠᠷᠤ ᠳᠠᠯ᠎ᠠ ᠪᠠᠷ ᠵᠡᠬᠦᠨᠰᠢ ᠪᠠᠨ ᠪᠠᠭ᠎ᠠ ᠶᠠᠪᠤᠰᠬᠢᠭᠰᠠᠨ ᠢᠶᠠᠨ ᠤᠷᠤᠭᠰᠢ ᠪᠠᠨ ᠮᠤᠷᠤᠶᠢᠨ᠂

ᠬᠤᠷᠤᠭᠠᠨ ᠵᠤᠤ ᠶᠢᠨ ᠵᠡᠬᠦᠨ ᠪᠡᠶ᠎ᠡ ᠳᠤ ᠬᠦᠷᠦᠭᠰᠡᠨ ᠪᠠᠶᠢᠳᠠᠭ᠃ ᠡᠨᠡᠬᠦ ᠴᠠᠶᠢᠳᠠᠮ ᠨᠢ ᠡᠬᠡᠬᠡ ᠯᠠ ᠦᠡᠭᠬᠦᠯᠴᠡᠭ ᠤᠨ ᠰᠢᠨᠵᠢ ᠲᠠᠢ ᠰᠢᠭ ᠪᠠᠶᠢᠳᠠᠭ ᠪᠠ ᠴᠠᠶᠢᠳᠠᠮ

 ᠳᠤ ᠤᠷᠭᠤᠭᠰᠠᠨ ᠡᠪᠡᠰᠦ ᠤᠷᠭᠤᠮᠠᠯ ᠨᠢ ᠤᠯᠠᠨ ᠵᠦᠢᠯ ᠪᠠᠶᠢᠵᠤ᠂ ᠡᠪᠡᠰᠦ ᠲᠠᠢ᠂ ᠪᠡᠯᠴᠢᠬᠡᠷ ᠲᠠᠢ᠂ ᠤᠰᠤ ᠲᠠᠢ ᠤᠴᠢᠷ ᠮᠠᠯ ᠰᠦᠷᠦᠭ ᠡᠨᠡ ᠴᠠᠶᠢᠳᠠᠮ ᠳᠤ ᠶᠡᠭᠡ

ᠤᠯᠠᠨ ᠪᠡᠯᠴᠢᠨ ᠢᠳᠡᠰᠢᠯᠡᠳᠡᠭ ᠪᠠᠶᠢᠵᠠᠢ᠃ ᠡᠶᠢᠮᠦ ᠠᠴᠠ ᠦᠡᠭᠬᠦᠯᠴᠡᠭ ᠤᠨ ᠬᠡᠯᠪᠡᠷᠢ ᠲᠠᠢ ᠪᠠᠶᠢᠳᠠᠭ ᠳᠡᠬᠡᠷ᠎ᠡ ᠠᠴᠠ   ᠨᠢ ᠮᠠᠨ ᠤ ᠮᠤᠩᠭᠤᠯᠴᠤᠳ ᠮᠠᠯ ᠭᠠᠷᠭᠠᠵᠤ

ᠱᠦᠯᠦ ᠤᠤᠭᠤᠬᠤ ᠳᠠᠭᠠᠨ ᠭᠠᠷᠭᠠᠭᠰᠠᠨ ᠮᠠᠯ ᠤᠨ ᠢᠶᠠᠨ ᠵᠢᠷᠦᠬᠡᠨ ᠪᠦᠷᠬᠦᠬᠡᠰᠦ ᠶᠢᠨ ᠳᠤᠳᠤᠷ᠎ᠠ ᠨᠢ ᠨᠢᠷᠤᠭᠤᠨ ᠭᠤᠤᠯ ᠳᠠᠬᠢ ᠤᠯᠠᠭᠠᠨ ᠬᠤᠭᠤᠯᠠᠢ ᠶᠢᠨ ᠳᠤᠳᠤᠷᠠᠬᠢ

ᠮᠢᠬ᠎ᠠ ᠶᠢ ᠨᠢ ᠠᠪᠴᠤ ᠴᠢᠬᠢᠵᠦ ᠳᠦᠬᠦᠷᠬᠡᠨ ᠴᠢᠨᠠᠵᠤ ᠢᠳᠡᠳᠡᠭ ᠶᠤᠮ᠃ ᠡᠬᠦᠨ ᠢ ᠪᠠᠨ ᠮᠤᠩᠭᠤᠯᠴᠤᠳ ᠦᠡᠭᠬᠦᠯᠴᠡᠭ ᠴᠢᠬᠢᠬᠦ ᠬᠡᠨ᠎ᠡ᠃ ᠡᠨᠡᠬᠦ ᠴᠠᠶᠢᠳᠠᠮ ᠨᠢ

ᠴᠢᠬᠢᠭᠰᠡᠨ ᠦᠡᠭᠬᠦᠯᠴᠡᠭ ᠰᠢᠭ ᠦᠡᠭᠰᠢᠭ ᠪᠡᠯᠴᠢᠬᠡᠷ ᠡᠪᠡᠰᠦ ᠤᠰᠤ ᠲᠠᠢ ᠭᠠᠵᠠᠷ ᠪᠤᠯᠬᠤ ᠤᠴᠢᠷ ᠠᠴᠠ ︿︿ᠦᠡᠭᠬᠦᠯᠴᠡᠭ ᠤᠨ ᠴᠠᠶᠢᠳᠠᠮ﹀﹀ ᠬᠡᠮᠡᠨ ᠨᠡᠷᠡᠯᠡᠭᠰᠡᠨ

ᠪᠠᠶᠢᠨ᠎ᠠ᠃ ︵ᠬᠤᠷᠤᠭᠠᠨ ᠵᠤᠤ ᠭᠠᠴᠠᠭᠠᠨ ᠤ 81 ᠨᠠᠰᠤᠳᠠᠢ ᠰᠠᠳᠠᠩᠳᠤᠷᠵᠢ ᠭᠤᠸᠠᠢ ᠶᠢᠨ ᠶᠠᠷᠢᠭᠰᠠᠨ ᠢ ᠳᠤᠳᠤ᠂ ᠪᠠᠶᠠᠭᠤᠳ ᠡᠷᠳᠡᠨᠢ ᠳᠡᠮᠳᠡᠭᠯᠡᠨ ᠡᠮᠬᠢᠳᠬᠡᠪᠡ᠃︶

ᠢᠷᠡᠯᠲᠡ᠄ ᠬᠠᠩᠭᠢᠨ ᠬᠤᠰᠢᠭᠤᠨ ᠤ ᠵᠠᠰᠠᠭ ᠤᠨ ᠤᠷᠳᠤᠨ ᠤ ᠵᠠᠰᠠᠭ ᠤᠨ ᠶᠠᠪᠤᠳᠠᠯ ᠤᠨ ᠮᠤᠩᠭᠤᠯ ᠬᠡᠯᠡᠨ ᠤ ᠰᠦᠯᠵᠢᠶ᠎ᠡ