ᠣᠯᠣᠰ ᠪᠠᠶᠢᠭᠤᠯᠠᠭᠳᠠᠬᠤ ᠠᠴᠠ ᠡᠮᠣᠨᠡᠬᠢ ᠨᠡᠷᠡᠲᠣ ᠲᠣᠰᠢᠶᠠᠯᠲᠠᠨ — ᠠᠯᠲᠠᠨ᠋ᠧᠴᠢᠷ
ᠨᠡᠶᠢᠲᠡᠯᠡᠭᠰᠡᠨ ᠴᠠᠭ᠄
2021/1/27
        ᠠᠯᠲᠠᠨ᠋ᠧᠴᠢᠷ ︵1887 ᠣᠨ—1949 ᠣᠨ︶᠂ ᠬᠢᠲᠠᠳ ᠨᠡᠷ᠎ᠡ ᠨᠢ ᠠ ᠪᠤᠤ ᠵᠧᠨ᠂ ᠮᠣᠩᠭᠤᠯ ᠦᠨᠳᠦᠰᠦᠲᠡᠨ᠂ ᠶᠡᠭᠡ ᠵᠤᠤ ᠶᠢᠨ ᠴᠢᠭᠤᠯᠭᠠᠨ ᠤ
ᠬᠠᠩᠭᠢᠨ ᠬᠤᠰᠢᠭᠤᠨ ᠤ ᠵᠠᠰᠠᠭ ᠨᠣᠶᠠᠨ ᠠᠷᠪᠢᠨᠪᠠᠶᠠᠷ ᠤᠨ ᠭᠠᠭᠴᠠ ᠬᠥᠪᠡᠭᠦᠨ ᠪᠣᠯᠤᠨ ᠲᠥᠷᠥᠵᠡᠢ᠃ ᠲᠡᠷᠡ ᠪᠠᠭ᠎ᠠ ᠨᠠᠰᠤᠨ ᠳᠠᠭᠠᠨ ᠬᠤᠰᠢᠭᠤ ᠵᠠᠬᠢᠷᠤᠭᠴᠢ ᠨᠠᠮᠵᠢᠯᠰᠠᠮᠪᠤᠤ ᠪᠠᠷ ᠪᠠᠭᠰᠢ ᠵᠠᠯᠠᠵᠤ᠂ ᠮᠣᠩᠭᠤᠯ᠂ ᠮᠠᠨᠵᠤ᠂ ᠲᠥᠪᠡᠳ ᠪᠢᠴᠢᠭ ᠵᠢᠭᠠᠯᠭᠠᠵᠤ ᠪᠠᠶᠢᠵᠠᠢ᠃ ᠡᠷ᠎ᠡ ᠵᠡᠷᠭᠡ ᠳᠤ ᠬᠦᠷᠦᠭᠰᠡᠨ ᠤ ᠳᠠᠷᠠᠭ᠎ᠠ᠂ ᠶᠠᠮᠤᠨ ᠤ ᠵᠢᠩᠭᠢᠨᠢ ᠪᠢᠴᠢᠭᠡᠴᠢ᠂ ᠭᠦᠢᠴᠡᠳᠬᠡᠬᠦ ᠪᠢᠴᠢᠭᠡᠴᠢ ᠶᠢᠨ ᠠᠵᠢᠯ ᠤᠳ ᠢ ᠬᠢᠵᠡᠢ᠃ ᠥᠭᠡᠯᠡᠢ ᠪᠣᠯᠣᠭᠠᠳ ᠥᠪᠡᠷ ᠢ ᠪᠠᠨ ᠰᠢᠲᠦᠭᠡᠨ ᠰᠦᠮ᠎ᠡ ᠶᠢᠨ ᠬᠤᠪᠢᠯᠭᠠᠨ ᠯᠠᠮᠠ ᠭᠡᠰᠡᠨ ᠢᠶᠠᠨ ᠮᠡᠳᠡᠭᠡᠳ᠂ ᠲᠠᠩᠭᠤᠳ ᠨᠣᠮ ᠤᠩᠰᠢᠵᠤ᠂ ᠪᠤᠷᠬᠠᠨ ᠱᠠᠰᠢᠨ ᠳᠤ ᠶᠡᠭᠡ ᠰᠦᠰᠦᠭᠯᠡᠯ ᠲᠠᠢ ᠪᠣᠯᠪᠠ᠃      1914 ᠣᠨ ᠤ ᠬᠠᠪᠤᠷ᠂ ᠬᠠᠩᠭᠢᠨ ᠬᠤᠰᠢᠭᠤᠨ ᠤ ᠵᠠᠰᠠᠭ ᠨᠣᠶᠠᠨ ᠤ ᠲᠤᠰᠢᠶᠠᠯ ᠢ ᠵᠠᠯᠭᠠᠮᠵᠢᠯᠠᠪᠠ᠃          1917 ᠣᠨ ᠳᠤ᠂ ᠯᠤ᠋ ᠵᠠᠨ ᠺᠦᠢ ᠶᠢᠨ ᠴᠡᠷᠢᠭ ᠤᠨ ᠲᠤᠲᠤᠷᠠᠬᠢ ᠭᠠᠷᠤᠳᠢ ᠯᠤᠤ ᠡᠤ ᠶᠢᠨ ᠳᠠᠭᠠᠭᠤᠯᠤᠭᠰᠠᠨ 400 ᠭᠠᠷᠤᠢ ᠮᠣᠩᠭᠤᠯ ᠴᠡᠷᠢᠭ ᠢ ᠣᠷᠤᠭᠤᠯᠵᠤ ᠠᠪᠤᠭᠠᠳ᠂ ᠤᠭ ᠤᠨ ᠪᠠᠶᠢᠭᠤᠯᠤᠭᠰᠠᠨ ︵1912 ᠣᠨ︶ ᠬᠠᠩᠭᠢᠨ ᠬᠤᠰᠢᠭᠤᠨ ᠤ ᠫᠠᠷᠲ᠋ᠢᠽᠠᠨ ᠠᠩᠭᠢ ᠳᠠᠭᠠᠨ ᠨᠡᠮᠡᠵᠦ ᠠᠪᠤᠪᠠ᠃ ᠬᠤᠯᠠᠭᠠᠢ ᠳᠡᠭᠡᠷᠡᠮ ᠢ ᠳᠠᠷᠤᠭᠰᠠᠨ ᠭᠠᠪᠢᠶ᠎ᠠ ᠲᠠᠢ ᠭᠡᠮᠡᠨ 1919 ᠣᠨ ᠳᠤ ᠵᠢᠶᠦ᠋ᠨ ᠸᠠᠩ ᠪᠣᠯᠪᠠ᠃ 1920 ᠣᠨ ᠳᠤ᠂ ᠵᠠᠰᠠᠭ ᠨᠣᠶᠠᠨ ᠠᠯᠲᠠᠨ᠋ᠧᠴᠢᠷ ᠪᠠᠶᠢᠯᠠ ᠶᠢᠨ ᠵᠤᠤ ᠳᠤ ᠳᠤᠤᠲᠠᠶᠢᠶ᠎ᠠ ᠶᠢᠨ ᠶᠠᠮᠤᠨ ᠪᠠᠶᠢᠭᠤᠯᠵᠤ᠂ ᠱᠠᠰᠢᠨ ᠤ ᠬᠡᠷᠡᠭ ᠢ ᠰᠢᠳᠬᠡᠵᠦ ᠴᠡᠷᠢᠭ᠂ ᠵᠠᠰᠠᠭ᠂ ᠱᠠᠰᠢᠨ ᠤ ᠡᠷᠬᠡ ᠶᠢ ᠭᠠᠭᠴᠠᠭᠠᠷ ᠡᠵᠡᠮᠰᠢᠨ ᠡᠵᠡᠷᠬᠡᠭ ᠵᠠᠰᠠᠭ ᠶᠠᠪᠤᠭᠤᠯᠤᠭᠰᠠᠨ ᠠᠴᠠ 1921—1923 ᠣᠨ ᠤ ᠬᠤᠭᠤᠷᠣᠨᠲᠦ ᠯᠠᠮᠠ ᠨᠠᠷ ᠤᠨ ᠳᠤᠭᠤᠶᠢᠯᠠᠩ ᠤᠨ ᠬᠥᠳᠡᠯᠭᠡᠭᠡᠨ ᠡᠭᠦᠰᠴᠦ ᠲᠡᠭᠦᠨ ᠳᠤ ᠡᠰᠡᠷᠭᠦᠴᠡᠯ ᠶᠠᠪᠤᠭᠤᠯᠪᠠ      1928 ᠣᠨ ᠳᠤ ᠬᠦᠢᠰᠦᠢ ᠳᠤ ᠬᠦᠷᠴᠦ ᠯᠢ ᠫᠸᠢ ᠵᠢᠢ ᠲᠠᠢ ᠤᠴᠠᠷᠠᠵᠤ᠂ 1933 ᠣᠨ ᠳᠤ ᠲᠠᠶᠢᠶᠤᠸᠠᠨ ᠳᠤ ᠬᠦᠷᠴᠦ ᠶᠠᠨ ᠰᠢ ᠱᠠᠨ ᠲᠠᠢ ᠵᠣᠯᠭᠠᠵᠤ᠂ ᠴᠡᠷᠢᠭ ᠤᠨ ᠠᠭᠲᠠ ᠵᠡᠷᠭᠡ ᠪᠡᠯᠡᠭ ᠰᠠᠯᠳᠠ ᠬᠦᠷᠭᠡᠨ᠂ ᠨᠢᠭᠡᠨ ᠪᠥᠯᠥᠭ ᠫᠤᠤ ᠵᠡᠪᠰᠡᠭ ᠣᠯᠵᠤ ᠢᠷᠡᠭᠡᠳ ᠫᠠᠷᠲ᠋ᠢᠽᠠᠨ ᠠᠩᠭᠢ ᠪᠠᠨ ᠵᠡᠪᠰᠡᠭᠯᠡᠭᠡᠳ ᠬᠤᠰᠢᠭᠤ ᠳᠤ ᠪᠠᠨ ᠵᠡᠪᠰᠡᠭᠲᠦ ᠴᠡᠷᠢᠭ ᠠᠩᠭᠢ ᠵᠣᠬᠢᠶᠠᠨ ᠪᠠᠶᠢᠭᠤᠯᠪᠠ᠃ ᠲᠤᠰ ᠵᠢᠯ ᠤᠨ 12 ᠰᠠᠷ᠎ᠠ ᠳᠤ ᠬᠠᠩᠭᠢᠨ ᠬᠤᠰᠢᠭᠤᠨ ᠤ ᠠᠮᠤᠷ ᠢ ᠬᠠᠮᠠᠭᠠᠯᠠᠬᠤ ᠶᠡᠷᠦᠩᠬᠡᠢ ᠠᠩᠭᠢ ᠶᠢ ᠵᠢᠩᠭᠢᠨᠢ ᠪᠠᠷ ᠪᠠᠶᠢᠭᠤᠯᠵᠤ᠂ ᠥᠪᠡᠷ ᠢᠶᠠᠨ ᠶᠡᠷᠦᠩᠬᠡᠢ ᠪᠠᠷᠢᠭᠠᠳᠠ ᠶᠢᠨ ᠳᠠᠷᠤᠭ᠎ᠠ ︵1936 ᠣᠨ ᠤ 7 ᠰᠠᠷ᠎ᠠ ᠳᠤ ᠶᠡᠷᠦᠩᠬᠡᠢ ᠰᠧᠯᠢᠩ ᠭᠡᠵᠦ ᠬᠠᠯᠠᠪᠠ︶ ᠪᠣᠯᠵᠠᠢ᠃          1924 ᠣᠨ ᠳᠤ ᠶᠡᠭᠡ ᠵᠤᠤ ᠴᠢᠭᠤᠯᠭᠠᠨ ᠤ ᠳᠡᠳ᠋ ᠳᠠᠷᠤᠭ᠎ᠠ᠂ 1928 ᠣᠨ ᠳᠤ ᠶᠡᠭᠡ ᠶᠡᠷᠦᠩᠬᠡᠶᠢᠯᠡᠭᠴᠢ ᠶᠢᠨ ᠬᠠᠮᠠᠭᠠᠯᠠᠬᠤ ᠡᠯᠴᠢ᠂ 1935 ᠣᠨ ᠳᠤ ᠪᠤᠭᠤᠲᠤ ᠶᠢᠨ ᠪᠠᠷᠠᠭᠤᠨ ᠳᠠᠬᠢ ᠵᠠᠮ ᠬᠠᠮᠠᠭᠠᠯᠠᠬᠤ ᠰᠧᠯᠢᠩ ᠵᠡᠷᠭᠡ ᠲᠤᠰᠢᠶᠠᠯ ᠢ ᠤᠷᠢᠳ ᠬᠤᠵᠢᠳ ᠡᠭᠦᠷᠭᠡᠯᠡᠵᠡᠢ᠃ 1933 ᠣᠨ ᠤ 10 ᠰᠠᠷ᠎ᠠ ᠶᠢᠨ 9—24 ᠤ ᠡᠳᠦᠷ ᠪᠣᠯᠲᠠᠯ᠎ᠠ᠂ ᠥᠪᠦᠷ ᠮᠣᠩᠭᠤᠯ ᠤᠨ ᠥᠪᠡᠷᠲᠡᠭᠡᠨ ᠵᠠᠰᠠᠬᠤ ᠬᠤᠯᠪᠣᠭᠠᠲᠤ ᠵᠠᠰᠠᠭ ᠤᠨ ᠬᠤᠶᠠᠳᠤᠭᠠᠷ ᠤᠳᠠᠭᠠᠨ ᠤ ᠬᠤᠷᠠᠯᠳᠤᠭᠠᠨ ᠪᠠᠲᠤᠬᠠᠭᠠᠯᠭ᠎ᠠ ᠳᠤ ᠶᠠᠪᠤᠭᠳᠠᠭᠠᠳ᠂ ᠠᠯᠲᠠᠨ᠋ᠧᠴᠢᠷ ᠥᠪᠡᠷᠲᠡᠭᠡᠨ ᠵᠠᠰᠠᠬᠤ ᠵᠠᠰᠠᠭ ᠤᠨ ᠣᠷᠳᠤᠨ ᠤ ᠳᠡᠳ᠋ ᠬᠤᠷᠢᠶᠠᠨ ᠳᠠᠷᠤᠭ᠎ᠠ ᠪᠠᠷ ᠰᠤᠩᠭᠤᠭᠳᠠᠵᠠᠢ᠃ 1936 ᠣᠨ ᠤ 5 ᠰᠠᠷ᠎ᠠ᠂ ᠭᠤᠮᠢᠨᠳᠠᠩ ᠤᠨ ᠲᠥᠪ ᠬᠤᠷᠢᠶᠠᠨ ᠠᠴᠠ ᠪᠠᠲᠤᠬᠠᠭᠠᠯᠭ᠎ᠠ ᠶᠢᠨ ᠮᠣᠩᠭᠤᠯ ᠵᠠᠰᠠᠭ ᠤᠨ ᠬᠤᠷᠠᠯ ᠢ ᠬᠦᠴᠦᠨ ᠦᠭᠡᠢ ᠪᠣᠯᠭᠠᠵᠤ᠂ ᠰᠦᠢᠶᠤᠸᠠᠨ ᠤ ᠬᠢᠯᠢ ᠲᠤᠲᠤᠷᠠᠬᠢ ᠮᠣᠩᠭᠤᠯ ᠬᠤᠰᠢᠭᠤᠳ ᠤᠨ ᠬᠤᠷᠠᠯ ᠢ ᠪᠠᠶᠢᠭᠤᠯᠬᠤ ᠳᠤ᠂ ᠠᠯᠲᠠᠨ᠋ᠧᠴᠢᠷ ᠢ ᠳᠡᠳ᠋ ᠬᠤᠷᠢᠶᠠᠨ ᠳᠠᠷᠤᠭ᠎ᠠ ᠪᠠᠷ ᠲᠣᠮᠢᠯᠠᠪᠠ᠃      1937 ᠣᠨ ᠤ《7.7》 ᠤ ᠬᠡᠷᠡᠭ ᠬᠤᠪᠢᠰᠤᠯ ᠤᠨ ᠳᠠᠷᠠᠭ᠎ᠠ᠂ 11 ᠰᠠᠷ᠎ᠠ ᠳᠤ ᠣᠷᠳᠤᠰ ᠤᠨ ᠳᠣᠯᠣᠭᠠᠨ ᠬᠤᠰᠢᠭᠤᠨ ᠸᠠᠩ ᠭᠦᠩ ᠨᠠᠷ ᠡᠵᠡᠨ ᠬᠤᠷᠣᠭᠠᠨ ᠳᠤ ᠴᠤᠭᠯᠠᠷᠠᠨ᠂《 ᠮᠣᠩᠭᠤᠯ ᠤᠨ ᠡᠯ᠎ᠡ ᠴᠢᠭᠤᠯᠭᠠᠨ ᠤ ᠬᠤᠯᠪᠤᠭᠠᠯᠠᠭᠰᠠᠨ ᠥᠪᠡᠷᠲᠡᠭᠡᠨ ᠵᠠᠰᠠᠬᠤ ᠵᠠᠰᠠᠭ ᠤᠨ ᠣᠷᠳᠤᠨ 》 ᠳᠤ ᠣᠷᠣᠯᠴᠠᠬᠤ ᠡᠰᠡᠬᠦ ᠶᠢ ᠶᠠᠷᠢᠯᠴᠠᠭᠠᠳ᠂ ᠠᠯᠲᠠᠨ᠋ᠧᠴᠢᠷ ᠢ ᠶᠡᠭᠡ ᠵᠤᠤ ᠶᠢᠨ ᠲᠥᠯᠦᠭᠡᠯᠡᠭᠴᠢ ᠪᠠᠷ ᠲᠣᠮᠢᠯᠠᠨ ᠭᠦᠢᠰᠦᠢ ᠳᠤ ᠣᠴᠢᠭᠤᠯᠬᠤ ᠪᠠᠷ ᠲᠣᠭᠲᠠᠪᠠ᠃ 1938 ᠣᠨ ᠤ 1 ᠰᠠᠷ᠎ᠠ ᠶᠢᠨ 24 ᠤ ᠡᠳᠦᠷ ︵ᠥᠭᠡᠯᠵᠢᠨ ᠰᠠᠷ᠎ᠠ ᠶᠢᠨ ᠬᠤᠷᠢᠨ ᠭᠤᠷᠪᠠᠨ︶᠂ ᠠᠯᠲᠠᠨ᠋ᠧᠴᠢᠷ ᠬᠠᠭᠤᠷᠮᠠᠭ ᠴᠡᠷᠢᠭ ᠤᠨ ᠬᠤᠷᠢᠶᠠᠨ ᠳᠠᠷᠤᠭ᠎ᠠ ᠮᠢᠩᠭᠠᠨᠪᠠᠶᠠᠷ ᠪᠣᠯᠣᠨ ᠶᠠᠫᠤᠨ ᠤ ᠵᠢᠯᠤᠭᠤᠳᠤᠭᠴᠢ ᠨᠣᠶᠠᠨ ᠲᠠᠢ ᠬᠠᠮᠲᠤ ᠮᠠᠰᠢᠨ ᠲᠡᠷᠭᠡ ᠪᠠᠷ ᠪᠤᠭᠤᠲᠤ ᠳᠤ ᠣᠴᠢᠪᠠ᠃ 2 ᠰᠠᠷ᠎ᠠ ᠶᠢᠨ 21 ᠤ ᠡᠳᠦᠷ ︵ᠴᠠᠭᠠᠨ ᠰᠠᠷ᠎ᠠ ᠶᠢᠨ ᠬᠤᠷᠢᠨ ᠬᠤᠶᠠᠷ︶ ᠶᠠᠫᠤᠨ ᠬᠥᠮᠦᠨ ᠠᠴᠠ ᠨᠢᠰᠬᠡᠯ ᠲᠣᠮᠢᠯᠠᠨ ᠠᠯᠲᠠᠨ᠋ᠧᠴᠢᠷ ᠤᠨ ᠬᠠᠲᠤᠨ᠂ ᠲᠡᠵᠢᠭᠡᠪᠦᠷᠢ ᠬᠦᠦ ᠵᠡᠷᠭᠡ ᠭᠡᠷ ᠤᠨ ᠬᠥᠮᠦᠰ ᠢ ᠪᠤᠭᠤᠲᠤ ᠳᠤ ᠲᠤᠰᠴᠤ ᠠᠪᠠᠴᠢᠪᠠ ᠃ 9 ᠰᠠᠷ᠎ᠠ ᠶᠢᠨ 15 ᠤ ᠡᠳᠦᠷ ᠠᠴᠠ ᠬᠠᠭᠤᠷᠮᠠᠭ ᠮᠣᠩᠭᠤᠯ ᠤᠨ ᠥᠪᠡᠷᠲᠡᠭᠡᠨ ᠵᠠᠰᠠᠬᠤ ᠬᠤᠯᠪᠤᠭᠠᠲᠤ ᠵᠠᠰᠠᠭ ᠤᠨ ᠲᠣᠭᠤᠷᠢᠨ ᠦᠵᠡᠬᠦ ᠪᠥᠯᠬᠦᠮ ᠳᠤ ᠣᠷᠣᠯᠴᠠᠵᠤ᠂ ᠶᠠᠫᠤᠨ ᠢ ᠲᠣᠭᠤᠷᠢᠨ ᠦᠵᠡᠪᠡ᠃ 1938 ᠣᠨ ᠤ 3 ᠰᠠᠷ᠎ᠠ ᠶᠢᠨ 21 ᠤ ᠡᠳᠦᠷ᠂ ᠬᠠᠭᠤᠷᠮᠠᠭ ᠶᠡᠭᠡ ᠵᠤᠤ ᠶᠢᠨ ᠴᠢᠭᠤᠯᠭᠠᠨ ᠤ ᠵᠠᠬᠢᠷᠭ᠎ᠠ ᠶᠢ ᠪᠤᠭᠤᠲᠤ ᠳᠤ ᠪᠠᠶᠢᠭᠤᠯᠵᠤ᠂ ᠠᠯᠲᠠᠨ᠋ᠧᠴᠢᠷ ᠢ ᠳᠡᠳ᠋ ᠴᠢᠭᠤᠯᠭᠠᠨ ᠳᠠᠷᠤᠭ᠎ᠠ ᠪᠠᠷ ᠲᠣᠮᠢᠯᠠᠪᠠ᠃ 1939 ᠣᠨ ᠳᠤ ᠵᠢᠩᠭᠢᠨᠢ ᠴᠢᠭᠤᠯᠭᠠᠨ ᠳᠠᠷᠤᠭ᠎ᠠ ᠪᠣᠯᠵᠤ᠂ ᠬᠠᠭᠤᠷᠮᠠᠭ ᠮᠣᠩᠭᠤᠯ ᠤᠨ ᠥᠪᠡᠷᠲᠡᠭᠡᠨ ᠵᠠᠰᠠᠬᠤ ᠬᠤᠯᠪᠤᠭᠠᠲᠤ ᠵᠠᠰᠠᠭ ᠤᠨ ᠣᠷᠳᠤᠨ ᠤ ᠮᠣᠩᠭᠤᠯ ᠢ ᠮᠠᠨᠳᠤᠭᠤᠯᠬᠤ ᠵᠥᠪᠯᠡᠯ ᠤᠨ ᠭᠡᠰᠢᠭᠦᠨ᠂ ᠣᠷᠳᠤᠰ ᠤᠨ ᠤᠷᠤᠭᠰᠢᠯᠠᠯᠲᠠ ᠶᠢᠨ ᠴᠡᠷᠢᠭ ᠤᠨ ᠶᠡᠷᠦᠩᠬᠡᠢ ᠰᠧᠯᠢᠩ ᠤᠨ ᠲᠤᠰᠢᠶᠠᠯ ᠢ ᠬᠠᠪᠰᠤᠷᠭᠠᠨ ᠬᠠᠷᠢᠭᠤᠴᠠᠵᠠᠢ᠃ ᠲᠡᠷᠡ ᠶᠠᠫᠤᠨ ᠬᠢᠭᠡᠳ ᠮᠣᠩᠭᠤᠯ ᠤᠨ ᠬᠠᠭᠤᠷᠮᠠᠭ ᠵᠠᠰᠠᠭ ᠤᠨ ᠢᠲᠡᠭᠡᠯ ᠬᠠᠯᠠᠮᠵᠢᠯᠠᠯ ᠢ ᠣᠯᠣᠭᠰᠠᠨ ᠳᠠᠭᠠᠨ ᠪᠠᠶᠠᠷᠯᠠᠨ ᠣᠮᠣᠭᠰᠢᠵᠤ᠂ ᠡᠯᠳᠡᠪ ᠵᠦᠢᠯ ᠤᠨ ᠠᠷᠭ᠎ᠠ ᠰᠠᠮᠪᠠᠭ᠎ᠠ ᠰᠥᠪᠡᠭᠴᠢᠯᠡᠵᠦ ᠶᠡᠭᠡ ᠵᠤᠤ ᠶᠢᠨ ᠴᠢᠭᠤᠯᠭᠠᠨ ᠢ ᠶᠠᠫᠤᠨ ᠤ ᠡᠵᠡᠮᠰᠢᠯ ᠳᠤ ᠣᠷᠣᠭᠤᠯᠬᠤ ᠪᠠᠷ ᠴᠢᠷᠮᠠᠶᠢᠪᠠ᠃ ᠲᠡᠷᠡ ᠳ᠋ᠠ ᠱᠤ᠋ ᠸᠠᠨ ᠳᠤ ᠴᠢᠩᠭᠢᠰ ᠤᠨ ᠣᠩᠭᠤᠨ ᠭᠡᠳᠡᠭ ᠢ ᠪᠠᠶᠢᠭᠤᠯᠤᠭᠠᠳ ᠳᠠᠶᠢᠯᠭ᠎ᠠ ᠶᠢᠨ ᠶᠤᠰᠤᠯᠠᠯ ᠢ ᠥᠪᠡᠷ ᠤᠨ ᠪᠡᠶ᠎ᠡ ᠪᠠᠷ ᠡᠷᠬᠢᠯᠡᠨ ᠶᠠᠪᠤᠭᠤᠯᠤᠭᠠᠳ ᠮᠣᠩᠭᠤᠯ ᠠᠷᠠᠳ ᠢ ᠣᠶᠣᠨ ᠰᠠᠨᠠᠭᠠᠨ ᠤ ᠲᠠᠯ᠎ᠠ ᠠᠴᠠ ᠮᠡᠬᠡᠯᠡᠨ ᠳᠠᠭᠠᠭᠤᠯᠬᠤ ᠪᠠᠷ ᠤᠬᠠᠭᠤᠯᠪᠠ︔ ᠶᠡᠭᠡ ᠵᠤᠤ ᠶᠢᠨ《3.26》 ᠤ ᠬᠡᠷᠡᠭ ᠬᠤᠪᠢᠰᠤᠯ ᠡᠭᠦᠰᠦᠭᠰᠡᠨ ᠤ ᠬᠤᠶᠢᠨ᠎ᠠ᠂ ᠱᠠᠭᠳᠠᠷᠵᠠᠪ ᠢ ᠶᠠᠫᠤᠨ ᠪᠣᠯᠣᠨ ᠮᠣᠩᠭᠤᠯ ᠤᠨ ᠬᠠᠭᠤᠷᠮᠠᠭ ᠵᠠᠰᠠᠭ ᠲᠤ ᠪᠠᠭᠤᠵᠤ ᠥᠭᠭᠦᠭᠦᠯᠬᠦ ᠪᠠᠷ ᠬᠥᠮᠦᠨ ᠲᠣᠮᠢᠯᠠᠨ ᠳᠠᠯᠳᠠᠭᠤᠷ ᠥᠲᠦᠭᠡᠪᠡ︔ ᠬᠠᠭᠤᠷᠮᠠᠭ ᠶᠡᠭᠡ ᠵᠤᠤ ᠶᠢᠨ ᠵᠠᠬᠢᠷᠭ᠎ᠠ ᠳᠠᠭᠠᠨ ᠬᠤᠰᠢᠭᠤ ᠪᠣᠯᠭᠠᠨ ᠠᠴᠠ ᠨᠢᠭᠡ ᠵᠥᠪᠯᠡᠭᠴᠢ ᠲᠣᠬᠢᠷᠠᠭᠤᠯᠤᠨ᠂ ᠵᠠᠰᠠᠭ ᠬᠤᠰᠢᠭᠤᠨ ᠠᠴᠠ ᠰᠡᠩᠭᠡᠷᠢᠨᠴᠢᠨ᠂ ᠦᠦᠰᠢᠨ ᠬᠤᠰᠢᠭᠤᠨ ᠠᠴᠠ ᠮᠥᠩᠭᠡᠨ᠋ᠦ᠋ᠯᠵᠡᠢ᠂ ᠬᠠᠩᠭᠢᠨ ᠬᠤᠰᠢᠭᠤᠨ ᠠᠴᠠ ᠷᠢᠨᠴᠢᠨᠸᠠᠩᠵᠢᠯ ᠵᠡᠷᠭᠡ ᠶᠢ ᠲᠣᠬᠢᠷᠠᠭᠤᠯᠤᠨ᠂ ᠥᠪᠡᠷ ᠥᠪᠡᠷ ᠤᠨ ᠬᠤᠰᠢᠭᠤ ᠪᠠᠨ ᠠᠶᠠᠯᠳᠤᠨ ᠳᠠᠭᠠᠭᠤᠯᠬᠤ ᠠᠵᠢᠯ ᠢ ᠬᠢᠯᠭᠡᠵᠦ ᠪᠠᠶᠢᠵᠠᠢ᠃ ᠠᠯᠲᠠᠨ᠋ᠧᠴᠢᠷ ᠤᠨ ᠠᠪᠠᠯᠢ ᠬᠠᠲᠤᠨ ᠷᠠᠰᠢᠴᠣᠭᠵᠢᠮ᠎ᠠ᠂ ᠤᠤᠭᠠᠨ ᠥᠬᠢᠨ ᠴᠢᠮᠡᠳᠰᠡᠷᠡᠩ ᠢ ᠲᠥᠷᠥᠪᠡ︔ ᠬᠤᠶᠠᠳᠤᠭᠠᠷ ᠬᠠᠲᠤᠨ ᠮᠢᠩᠷᠠ ︵ᠶᠡᠭᠡ ᠬᠠᠲᠤᠨ ᠤ ᠲᠥᠷᠥᠭᠰᠡᠨ ᠥᠬᠢᠨ ᠳᠡᠭᠦᠦ ᠪᠣᠯᠣᠨ᠎ᠠ︶᠂ ᠬᠡᠦᠬᠡᠳ ᠲᠥᠷᠥᠭᠰᠡᠨ ᠦᠭᠡᠢ᠃ ᠬᠠᠲᠤᠨ ᠪᠣᠯᠣᠭᠰᠠᠨ ᠤ ᠳᠠᠷᠠᠭ᠎ᠠ᠂ ᠤᠳᠪᠠᠯᠴᠡᠴᠡᠭ ᠭᠡᠵᠦ 1939 ᠣᠨ ᠳᠤ ᠦᠬᠦᠵᠡᠢ᠃ 1940 ᠣᠨ ᠤ 10 ᠰᠠᠷ᠎ᠠ ᠶᠢᠨ 9 ᠤ ᠡᠳᠦᠷ ︵ᠪᠢᠯᠢᠭ ᠤᠨ ᠶᠢᠰᠦᠨ ᠰᠠᠷ᠎ᠠ ᠶᠢᠨ ᠰᠢᠨ᠎ᠡ ᠶᠢᠨ ᠶᠢᠰᠦᠨ︶᠂ ᠠᠯᠲᠠᠨ᠋ᠧᠴᠢᠷ ᠪᠤᠭᠤᠲᠤ ᠳᠤ ᠶᠡᠭᠡ ᠬᠤᠷᠢᠮ ᠬᠢᠵᠦ᠂ ᠳᠠᠯᠠᠳ ᠤᠨ ᠵᠢᠷᠠᠨᠲᠠᠢ ᠶᠢᠨ 17 ᠨᠠᠰᠤᠲᠠᠢ ᠬᠡᠦᠬᠡᠨ ᠰᠡᠨᠵᠢᠳᠮ᠎ᠠ ᠶᠢ ᠭᠤᠷᠪᠠᠳᠤᠭᠠᠷ ᠬᠠᠲᠤᠨ ᠪᠣᠯᠭᠠᠨ ᠪᠠᠭᠤᠯᠭᠠᠨ ᠠᠪᠤᠪᠠ᠃ 1941 ᠣᠨ ᠳᠤ᠂ ᠪᠠᠷᠠᠭᠤᠨ ᠪᠡᠶ᠎ᠡ ᠶᠢᠨ ᠲᠦᠷ ᠴᠠᠭ ᠤᠨ ᠵᠠᠰᠠᠭ ᠵᠠᠬᠢᠷᠭᠠᠨ ᠤ ᠣᠷᠣᠨ ᠤ ᠳᠠᠷᠤᠭ᠎ᠠ ᠶᠢᠨ ᠲᠤᠰᠢᠶᠠᠯ ᠢ ᠬᠠᠪᠰᠤᠷᠭᠠᠨ ᠬᠠᠷᠢᠭᠤᠴᠠᠵᠤ᠂ ᠶᠡᠭᠡ ᠵᠤᠤ ᠶᠢᠨ ᠴᠢᠭᠤᠯᠭᠠᠨ ᠤ ᠡᠵᠡᠯᠡᠭᠳᠡᠭᠰᠡᠨ ᠣᠷᠣᠨ᠂ ᠱᠠ ᠰᠢᠶᠡᠨ᠂ ᠪᠣᠭᠤᠲᠣ᠂ ᠠᠨᠪᠸᠢ ᠵᠡᠷᠭᠡ ᠰᠢᠶᠡᠨ ᠤ ᠬᠤᠲᠠ ᠶᠢ ᠬᠠᠮᠢᠶᠠᠷᠬᠤ ᠪᠣᠯᠪᠠ᠃ 1943 ᠣᠨ ᠳᠤ ᠬᠠᠭᠤᠷᠮᠠᠭ 12 ᠳ᠋ᠤᠭᠠᠷ ᠳ᠋ᠢᠸᠢᠽᠢ ᠶᠢᠨ ᠲᠡᠰᠯᠡᠭᠴᠢ ᠭᠧᠨᠧᠷᠡᠯ ᠳ᠋ᠢᠸᠢᠽᠢ ᠶᠢᠨ ᠳᠠᠷᠤᠭ᠎ᠠ ᠪᠠᠷ ᠳᠡᠪᠰᠢᠭᠦᠯᠦᠭᠳᠡᠵᠡᠢ᠃      ᠶᠠᠫᠤᠨ ᠡᠵᠡᠷᠬᠡᠭ ᠳᠦᠷᠢᠮᠡᠬᠡᠶᠢᠲᠡᠨ ᠪᠠᠭᠤᠵᠤ ᠥᠭᠭᠦᠭᠰᠡᠨ ᠤ ᠳᠠᠷᠠᠭ᠎ᠠ᠂ ᠹᠦ᠋ ᠽᠦᠸᠧ ᠢ ᠠᠴᠠ ᠪᠤᠭᠤᠲᠤ ᠶᠢ ᠬᠦᠯᠢᠶᠡᠨ ᠠᠪᠬᠤ ᠦᠶᠡᠰ ᠠᠯᠲᠠᠨ᠋ᠧᠴᠢᠷ ᠭᠤᠮᠢᠨᠳᠠᠩ ᠤᠨ ᠵᠠᠰᠠᠭ ᠤᠨ ᠭᠠᠵᠠᠷ ᠢ ᠰᠢᠳᠤᠷᠭᠤ ᠪᠠᠷ ᠳᠠᠭᠠᠬᠤ ᠪᠠᠨ ᠢᠯᠡᠷᠬᠡᠶᠢᠯᠡᠭᠰᠡᠨ ᠳᠤ᠂ ᠲᠡᠭᠦᠨ ᠢ ᠶᠡᠭᠡ ᠵᠤᠤ ᠶᠢᠨ ᠴᠢᠭᠤᠯᠭᠠᠨ ᠤ ᠠᠮᠤᠷ ᠢ ᠬᠠᠮᠠᠭᠠᠯᠠᠬᠤ ᠳ᠋ᠢᠸᠢᠽᠢ ᠶᠢᠨ ᠳᠠᠷᠤᠭ᠎ᠠ ᠪᠠᠷ ᠲᠣᠮᠢᠯᠠᠪᠠ᠃ 10 ᠰᠠᠷ᠎ᠠ ᠶᠢᠨ 14 ᠤ ᠡᠳᠦᠷ ︵ᠪᠢᠯᠢᠭ ᠤᠨ ᠶᠢᠰᠦᠨ ᠰᠠᠷ᠎ᠠ ᠶᠢᠨ ᠶᠢᠰᠦᠨ︶ ᠬᠠᠩᠭᠢᠨ ᠬᠤᠰᠢᠭᠤᠨ ᠳᠠᠭᠠᠨ ᠢᠷᠡᠵᠦ᠂ ᠵᠠᠰᠠᠭ ᠤᠨ ᠲᠠᠮᠠᠭ᠎ᠠ ᠶᠢ ᠨᠡᠭᠡᠭᠡᠵᠦ ᠠᠪᠤᠭᠠᠳ ᠬᠤᠰᠢᠭᠤ ᠵᠠᠰᠠᠭ ᠢ ᠡᠵᠡᠨ ᠮᠡᠳᠡᠪᠡ᠃ 1946 ᠣᠨ ᠤ 1 ᠰᠠᠷ᠎ᠠ ᠳᠤ ᠭᠤᠮᠢᠨᠳᠠᠩ ᠨᠠᠮ ᠳᠤ ᠣᠷᠣᠪᠠ᠃ 1947 ᠣᠨ ᠳᠤ᠂ ᠮᠣᠩᠭᠤᠯ ᠲᠥᠪᠡᠳ ᠤᠨ ᠵᠥᠪᠯᠡᠯ ᠠᠴᠠ ᠵᠠᠷᠯᠢᠭ ᠪᠠᠭᠤᠯᠭᠠᠵᠤ᠂ ᠠᠯᠲᠠᠨ᠋ᠧᠴᠢᠷ ᠤᠨ ᠲᠤᠰᠢᠶᠠᠯ ᠢ ᠰᠡᠷᠭᠦᠭᠡᠪᠡ᠃ 1949 ᠣᠨ ᠤ ᠬᠠᠪᠤᠷ᠂ ᠠᠷᠠᠳ ᠤᠨ ᠴᠢᠯᠦᠭᠡᠯᠡᠬᠦ ᠴᠡᠷᠢᠭ ᠠᠴᠠ ᠵᠢᠶᠠ ᠸᠧᠨ ᠬᠤᠸᠠ ᠶᠢ ᠲᠣᠮᠢᠯᠠᠨ ᠬᠠᠩᠭᠢᠨ ᠬᠤᠰᠢᠭᠤᠨ ᠳᠤ ᠣᠴᠢᠭᠤᠯᠤᠨ ᠨᠠᠶᠢᠷᠠᠮᠳᠠᠯ ᠢᠶᠠᠷ ᠴᠢᠯᠦᠭᠡᠯᠡᠬᠦ ᠠᠵᠢᠯ ᠢ ᠬᠢᠭᠰᠡᠨ ᠳᠤ᠂ ᠠᠯᠲᠠᠨ᠋ᠧᠴᠢᠷ ᠴᠢᠯᠦᠭᠡᠯᠡᠯᠲᠡ ᠶᠢ ᠳᠤᠷᠠᠲᠠᠢ ᠤᠭᠲᠤᠬᠤ ᠣᠪᠤᠷ ᠢᠶᠠᠨ ᠢᠯᠡᠳᠬᠡᠵᠡᠢ᠃ ᠤᠳᠠᠯ ᠦᠭᠡᠢ᠂ ᠳᠠᠮᠴᠦᠭᠳᠦᠩᠷᠦᠪ ᠠᠴᠠ ᠠᠯᠠᠱᠠᠨ ᠬᠤᠰᠢᠭᠤᠨ ᠳᠤ《 ᠪᠠᠷᠠᠭᠤᠨ ᠮᠣᠩᠭᠤᠯ ᠤᠨ ᠥᠪᠡᠷᠲᠡᠭᠡᠨ ᠵᠠᠰᠠᠬᠤ ᠬᠥᠳᠡᠯᠭᠡᠭᠡᠨ 》 ᠢ ᠦᠷᠨᠢᠭᠦᠯᠦᠭᠰᠡᠨ ᠳᠤ᠂ ᠲᠡᠷᠡ ᠣᠴᠢᠬᠤ ᠪᠠᠷ ᠪᠡᠯᠡᠳᠬᠡᠵᠦ ᠪᠠᠶᠢᠭᠰᠠᠨ ᠳᠤ᠂ ᠰᠧᠳᠠᠩᠳᠤᠷᠵᠢ ᠵᠡᠷᠭᠡ ᠨᠣᠶᠠᠳ ᠤᠨ ᠢᠳᠬᠠᠯ ᠢᠶᠠᠷ ᠤᠷᠢᠳᠠᠪᠠᠷ ᠨᠤᠮᠤᠨᠯᠠᠪᠠᠢ ᠶᠢ ᠬᠦᠷᠭᠡᠨ ᠲᠠᠢ ᠨᠢ ᠴᠤᠭ ᠲᠣᠮᠢᠯᠠᠵᠤ ᠠᠯᠠᠱᠠᠨ ᠤ ᠪᠠᠶᠠᠨᠬᠤᠲᠠ ᠳᠤ ᠣᠴᠢᠭᠤᠯᠪᠠ᠃ ᠲᠡᠳᠡ ᠬᠤᠶᠠᠭᠤᠯᠠ ᠪᠤᠴᠠᠵᠤ ᠢᠷᠡᠭᠡᠳ᠂ ᠲᠡᠭᠦᠨ ᠢ《 ᠪᠠᠷᠠᠭᠤᠨ ᠮᠣᠩᠭᠤᠯ ᠤᠨ ᠥᠪᠡᠷᠲᠡᠭᠡᠨ ᠵᠠᠰᠠᠬᠤ ᠪᠡᠯᠡᠳᠬᠡᠯ ᠵᠥᠪᠯᠡᠯ 》 ᠤᠨ ᠡᠷᠬᠢᠯᠡᠭᠴᠢ ᠪᠣᠯᠭᠠᠬᠤ ᠪᠠᠷ ᠠᠮᠠᠯᠠᠭᠰᠠᠨ ᠢ ᠰᠤᠨᠤᠰᠤᠭᠠᠳ ᠶᠡᠬᠡᠳᠡ ᠪᠠᠶᠠᠷᠯᠠᠵᠤ᠂ 4 ᠰᠠᠷ᠎ᠠ ᠶᠢᠨ 26 ᠤ ᠡᠳᠦᠷ ︵ᠪᠢᠯᠢᠭ ᠤᠨ ᠭᠤᠷᠪᠠᠨ ᠰᠠᠷ᠎ᠠ ᠶᠢᠨ ᠬᠤᠷᠢ ᠶᠢᠰᠦᠨ᠂ ᠣᠷᠳᠤᠰ ᠲᠣᠭᠠᠯᠠᠯ ᠤᠨ ᠵᠢᠷᠭᠤᠭᠠᠨ ᠰᠠᠷ᠎ᠠ ᠶᠢᠨ ᠬᠤᠷᠢ ᠶᠢᠰᠦᠨ︶ ᠰᠠᠭᠤᠳᠠᠯᠲᠤ ᠮᠣᠷᠢᠨ ᠲᠡᠷᠭᠡ ᠪᠠᠨ ᠬᠥᠭᠯᠡᠨ ᠮᠣᠷᠳᠠᠬᠤ ᠭᠡᠵᠦ ᠪᠠᠶᠢᠲᠠᠯ᠎ᠠ ᠭᠡᠨᠡᠳᠲᠡ ᠲᠠᠷᠢᠬᠢᠨ ᠳᠤ ᠴᠢᠰᠤ ᠬᠤᠷᠠᠬᠤ ᠡᠪᠡᠳᠴᠢᠨ ᠳᠤ ᠨᠡᠷᠪᠡᠭᠳᠡᠵᠦ 62 ᠨᠠᠰᠤᠲᠠᠢ ᠦᠬᠦᠵᠡᠢ᠃
ᠢᠷᠡᠯᠲᠡ᠄ ᠬᠠᠩᠭᠢᠨ ᠬᠤᠰᠢᠭᠤᠨ ᠤ ᠵᠠᠰᠠᠭ ᠤᠨ ᠤᠷᠳᠤᠨ ᠤ ᠵᠠᠰᠠᠭ ᠤᠨ ᠶᠠᠪᠤᠳᠠᠯ ᠤᠨ ᠮᠤᠩᠭᠤᠯ ᠬᠡᠯᠡᠨ ᠤ ᠰᠦᠯᠵᠢᠶ᠎ᠡ