| ᠯᠣᠷᠤᠶᠢᠰᠠᠩᠪᠤ ︵1873—1937ᠣᠨ︶ ①ᠣᠷᠳᠤᠰ ᠤᠨ ᠶᠡᠭᠡ ᠵᠤᠤ ᠴᠢᠭᠤᠯᠭᠠᠨ ᠤ ᠪᠠᠷᠠᠭᠤᠨ ᠭᠠᠷᠤᠨ ᠬᠤᠶᠢᠳᠤ ᠬᠤᠰᠢᠭᠤᠨ ︵ᠬᠠᠩᠭᠢᠨ | ᠬᠤᠰᠢᠭᠤ︶ ᠤ ᠪᠥᠭᠲᠦ ᠶᠢᠨ ᠰᠢᠷ᠎ᠠ ᠵᠤᠤ ᠭᠡᠮᠡᠬᠦ ᠬᠡᠶᠢᠳ ᠤᠨ ᠠᠷᠤ ᠳᠠᠬᠢ ᠲᠠᠭᠠᠨ᠎ᠠ ᠶᠢᠨ ᠳᠠᠯᠠᠩ ︵ᠣᠳᠣ ᠶᠢᠨ ᠳᠤᠭᠤᠶᠢᠲᠠᠯᠠ ᠪᠠᠯᠭᠠᠰᠤᠨ ᠤ ᠰᠢᠷ᠎ᠠ ᠵᠤᠤ | ᠭᠠᠴᠠᠭ᠎ᠠ︶ ᠭᠡᠳᠡᠭ ᠭᠠᠵᠠᠷ ᠤᠨ ᠬᠥᠮᠦᠨ᠂ ᠪᠥᠷᠢᠨᠲᠦ ᠵᠠᠰᠠᠭᠴᠢ ᠶᠢᠨ ᠠᠷᠪᠠᠨ ᠬᠤᠶᠠᠳᠤᠭᠠᠷ ᠵᠢᠯ ︵1873 ᠣᠨ︶ ᠳᠤ ᠲᠥᠷᠦᠪᠡ᠃ ᠬᠠᠩᠭᠢᠨ ᠬᠤᠰᠢᠭᠤᠨ ᠤ | ᠲᠤᠰᠠᠯᠠᠭᠴᠢ ᠲᠠᠶᠢᠵᠢ ᠰᠡᠷᠡᠩᠳᠣᠷᠵᠢ ᠶᠢᠨ ᠬᠤᠶᠠᠳᠤᠭᠠᠷ ᠬᠥᠪᠡᠭᠦᠨ᠂ ᠡᠭᠡᠴᠢ ᠠᠬ᠎ᠠ ᠳᠡᠭᠦᠦ ᠳᠦᠷᠪᠡᠭᠦᠯᠡ᠂ ᠶᠡᠭᠡ ᠡᠭᠡᠴᠢ ᠨᠢ ᠭᠦᠩᠰᠯᠠᠮᠠ᠂ ᠬᠤᠶᠠᠳᠤᠭᠠᠷ ᠡᠭᠡᠴᠢ | ᠨᠢ ᠪᠠᠯᠮᠠᠴᠢᠳ᠂ ᠠᠬ᠎ᠠ ᠨᠢ ᠫᠤᠩᠰᠤᠭᠷᠢᠨᠴᠢᠨ᠃ | ᠯᠣᠷᠤᠶᠢᠰᠠᠩᠪᠤ ᠶᠢᠨ ᠭᠡᠷ ᠨᠢ ᠠᠳᠤᠭᠤ ᠮᠠᠯ ᠲᠠᠢ᠂ ᠠᠵᠤ ᠠᠮᠢᠳᠤᠷᠠᠯ ᠨᠢ ᠬᠦᠷᠦᠯᠴᠡᠬᠦᠶᠢᠴᠡ ᠴᠡᠨᠡᠭᠡᠯᠢᠭ ᠮᠠᠯᠴᠢᠨ ᠠᠶᠢᠯ ᠪᠠᠶᠢᠵᠠᠢ᠃ ᠠᠬ᠎ᠠ | ᠫᠤᠩᠰᠤᠭᠷᠢᠨᠴᠢᠨ ᠨᠢ ᠠᠶᠢᠯ ᠭᠡᠷ ᠪᠣᠯᠵᠤ ᠠᠵᠤ ᠲᠥᠷᠥᠨ ᠤᠳᠤᠮ ᠤᠭᠰᠠᠭ᠎ᠠ ᠪᠠᠨ ᠵᠠᠯᠭᠠᠮᠵᠢᠯᠠᠵᠤ᠂ ᠳᠡᠭᠦᠦ ᠯᠤᠷᠤᠶᠢᠰᠠᠩᠪᠤ ᠨᠢ ᠪᠠᠭ᠎ᠠ ᠠᠴᠠ ᠭᠡᠷ ᠲᠡᠭᠡᠨ ᠮᠣᠩᠭᠤᠯ | ᠪᠢᠴᠢᠭ ᠵᠢᠭᠠᠯᠭᠠᠵᠤ᠂ ᠨᠠᠢᠮᠠᠨ ᠨᠠᠰᠤᠨ ᠳᠡᠭᠡᠷ᠎ᠡ ᠪᠠᠨ ᠰᠢᠷ᠎ᠠ ᠵᠤᠤ ᠶᠢᠨ ᠵᠡᠭᠦᠨ ᠭᠡᠭᠡᠨ ᠳᠤ ᠱᠠᠪᠢᠯᠠᠵᠤ ᠯᠠᠮᠠ ᠪᠣᠯᠵᠠᠢ᠃ ᠠᠷᠪᠠᠨ ᠳᠣᠯᠣᠭᠠᠨ ᠨᠠᠰᠤᠨ ᠳᠡᠭᠡᠷ᠎ᠡ ᠬᠡᠯᠦᠩ | ᠰᠠᠬᠢᠯ ᠠᠪᠴᠠᠢ᠃ ᠡᠨᠡ ᠦᠶ᠎ᠡ ᠳᠤ ᠲᠡᠷᠡ ᠮᠣᠩᠭᠤᠯ ᠲᠥᠪᠡᠳ ᠪᠢᠴᠢᠭ ᠲᠤ ᠭᠦᠨ ᠨᠡᠪᠲᠡᠷᠡᠵᠦ ᠰᠢᠯᠦᠭ ᠵᠣᠬᠢᠶᠠᠯ ᠪᠢᠴᠢᠵᠦ ᠡᠬᠢᠯᠡᠵᠡᠢ᠃ ᠭᠤᠴᠢᠨ ᠨᠠᠰᠤᠨ ᠳᠡᠭᠡᠷ᠎ᠡ | ᠲᠤᠰ ᠬᠡᠶᠢᠳ ᠤᠨ ᠪᠠᠷᠠᠭᠤᠨ ᠯᠠᠮᠠ ᠶᠢᠨ ᠳ᠋ᠤᠨᠢᠷ ︵ᠰᠢᠲᠠᠷ ᠮᠡᠳᠡᠭᠴᠢ ᠬᠢᠶ᠎ᠠ︶ ᠪᠣᠯᠵᠤ᠂ ᠰᠦᠮ᠎ᠡ ᠶᠢᠨ ᠬᠡᠷᠡᠭ ᠮᠡᠳᠡᠭᠴᠢ ᠶᠢᠨ ᠨᠢᠭᠡ ᠨᠢ ᠪᠣᠯᠵᠠᠢ᠃ ᠪᠠᠰᠠ ᠰᠢᠷ᠎ᠠ | ᠵᠤᠤ᠂ ᠪᠠᠶᠢᠯ᠎ᠠ ᠶᠢᠨ ᠵᠤᠤ ᠰᠦᠮ᠎ᠡ ᠶᠢᠨ ᠳᠤᠤᠲᠠᠶᠢᠶᠠ ᠶᠢᠨ ᠪᠢᠴᠢᠭᠡᠴᠢ ᠪᠣᠯᠵᠤ ᠪᠠᠶᠢᠪᠠ᠃ | ᠯᠤᠷᠤᠶᠢᠰᠠᠩᠪᠤ ᠶᠢᠨ ᠢᠳᠡᠷ ᠵᠠᠯᠠᠭᠤ ᠶᠢᠨ ᠦᠶ᠎ᠡ ᠪᠣᠯ ᠶᠠᠭ ᠹᠸᠦᠳᠠᠯ ᠤᠨ ᠸᠠᠩᠲᠦ ᠲᠦᠷᠦ ᠢᠯᠵᠠᠷᠠᠨ ᠳᠣᠷᠣᠶᠢᠳᠠᠵᠤ ᠬᠤᠶᠠᠷ ᠮᠢᠩᠭ᠎ᠠ ᠭᠠᠷᠤᠢ ᠵᠢᠯ ᠤᠨ | ᠹᠸᠦᠳᠠᠯ ᠤᠨ ᠪᠠᠶᠢᠭᠤᠯᠤᠯ ᠤᠨ ᠡᠴᠦᠰᠯᠠᠯ ᠤᠨ ᠬᠤᠭᠤᠴᠠᠭ᠎ᠠ ᠪᠣᠯᠵᠤ ᠪᠠᠶᠢᠪᠠ᠃ ᠲᠤᠬᠠᠢ ᠶᠢᠨ ᠦᠶ᠎ᠡ ᠳᠤᠮᠳᠠᠳᠤ ᠤᠯᠤᠰ ᠲᠤ᠂ ᠳᠤᠮᠳᠠᠳᠤ ᠶᠠᠫᠤᠨ ᠤ ᠳᠠᠶᠢᠨ᠂ | ᠰᠢᠷ᠎ᠠ ᠨᠣᠬᠠᠢ ᠵᠢᠯ ᠤᠨ ᠬᠠᠤᠯᠢ ᠶᠢᠨ ᠥᠭᠡᠷᠡᠴᠢᠯᠡᠯᠲᠡ᠂ ᠢ ᠡᠾᠧ ᠲᠤᠸᠠᠨ ᠤ ᠬᠥᠳᠡᠯᠭᠡᠭᠡᠨ᠂ ᠨᠠᠢᠮᠠᠨ ᠤᠯᠤᠰ ᠤᠨ ᠬᠤᠯᠪᠤᠭᠠᠲᠤ ᠴᠡᠷᠢᠭ ᠳᠤᠮᠳᠠᠳᠤ ᠶᠢ | ᠳᠦᠷᠢᠮᠡᠬᠡᠶᠢᠯᠡᠭᠰᠡᠨ ᠳᠠᠶᠢᠨ ᠵᠡᠷᠭᠡ ᠶᠢ ᠥᠩᠭᠡᠷᠡᠭᠦᠯᠵᠦ᠂ ᠦᠨᠳᠦᠰᠦᠲᠡᠨ ᠤ ᠬᠢᠮᠤᠷᠠᠯ᠂ ᠠᠩᠭᠢ ᠶᠢᠨ ᠵᠥᠷᠢᠴᠡᠯ ᠡᠳᠦᠷ ᠢᠷᠡᠭᠦᠶ᠎ᠡ ᠬᠤᠷᠴᠠᠳᠴᠤ᠂ ᠤᠯᠤᠰ ᠤᠨ | ᠲᠤᠲᠤᠭᠠᠳᠤ ᠳᠤ ᠨᠡᠶᠢᠭᠡᠮ ᠤᠨ ᠥᠭᠡᠷᠡᠴᠢᠯᠡᠯᠲᠡ ᠶᠢ ᠱᠠᠭᠠᠷᠳᠠᠨ᠂ ᠹᠸᠥᠳᠠᠯ ᠤᠨ ᠪᠠᠶᠢᠭᠤᠯᠤᠯ ᠢ ᠳᠦᠯᠬᠢᠨ ᠤᠨᠠᠭᠠᠬᠤ ᠬᠤᠪᠢᠰᠬᠠᠯ ᠤᠨ ᠦᠷᠨᠢᠯᠲᠡ ᠪᠠ | ᠠᠷᠠᠳᠴᠢᠯᠠᠭᠰᠠᠨ ᠬᠥᠳᠡᠯᠭᠡᠭᠡᠨ ᠶᠠᠭ ᠦᠷᠨᠢᠨ ᠮᠠᠨᠳᠤᠵᠤ ᠪᠠᠶᠢᠪᠠ᠃ ᠵᠠᠯᠭᠠᠭᠠᠳ ᠦᠷᠭᠦᠯᠵᠢᠯᠡᠨ ᠴᠠᠭᠠᠭᠴᠢᠨ ᠭᠠᠭ᠋ᠠᠢ ᠵᠢᠯ ᠤᠨ ᠬᠤᠪᠢᠰᠬᠠᠯ᠂ ᠣᠷᠣᠰ ᠤᠨ ᠠᠷᠪᠠᠨ | ᠰᠠᠷ᠎ᠠ ᠶᠢᠨ ᠬᠤᠪᠢᠰᠬᠠᠯ᠂《 ᠲᠠᠪᠤᠨ ᠰᠠᠷ᠎ᠠ ᠶᠢᠨ ᠳᠦᠷᠪᠡᠨ》 ᠤ ᠬᠥᠳᠡᠯᠭᠡᠭᠡᠨ᠂ ᠳᠤᠮᠳᠠᠳᠤ ᠤᠯᠤᠰ ᠤᠨ ᠡᠪ ᠬᠠᠮᠲᠤ ᠨᠠᠮ ᠤᠨ ᠪᠠᠶᠢᠭᠤᠯᠤᠭᠳᠠᠭᠰᠠᠨ ᠵᠡᠷᠭᠡ ᠨᠢ | ᠳᠤᠮᠳᠠᠳᠤ ᠤᠯᠤᠰ ᠤᠨ ᠬᠤᠪᠢ ᠵᠠᠶᠠᠭ᠎ᠠ ᠪᠣᠯᠣᠨ ᠢᠷᠡᠭᠡᠳᠦᠢ ᠳᠤ ᠴᠢᠬᠤᠯᠠ ᠨᠥᠯᠦᠭᠡ ᠦᠵᠡᠭᠦᠯᠪᠡ᠃ ᠡᠯ᠎ᠡ ᠭᠠᠵᠠᠷ ᠣᠷᠣᠨ ᠳᠤ ᠮᠠᠰᠢ ᠠᠷᠪᠢᠨ ᠬᠡᠷᠡᠭ ᠶᠠᠪᠤᠳᠠᠯ | ᠭᠠᠷᠪᠠ᠃ ᠶᠡᠭᠡ ᠵᠤᠤ ᠴᠢᠭᠤᠯᠭᠠᠨ ᠤ ᠪᠠᠷᠠᠭᠤᠨ ᠭᠠᠷᠤᠨ ᠡᠮᠦᠨᠡᠲᠦ ᠬᠤᠰᠢᠭᠤ ︵ᠦᠦᠰᠢᠨ ᠬᠤᠰᠢᠭᠤ︶ ᠪᠠ ᠳᠤᠮᠳᠠ ᠬᠤᠰᠢᠭᠤᠨ ᠳᠤ ᠳᠤᠭᠤᠶᠢᠯᠠᠩ ᠪᠣᠰᠴᠤ᠂ | ᠬᠠᠷᠢ ᠱᠠᠰᠢᠨ ᠢ ᠡᠰᠡᠷᠭᠦᠴᠡᠭᠰᠡᠨ ᠬᠥᠳᠡᠯᠭᠡᠭᠡᠨ ᠦᠷᠨᠢᠪᠡ᠃ 1902 ᠣᠨ ᠳᠤ ᠴᠢᠩ ᠤᠯᠤᠰ ᠤᠯᠠᠭᠠᠨᠴᠠᠪ᠂ ᠶᠡᠭᠡ ᠵᠤᠤ ᠳᠤ ᠭᠠᠵᠠᠷ ᠲᠠᠯᠪᠢᠵᠤ᠂ ᠶᠡᠭᠡ ᠪᠠᠷ | ᠠᠲᠠᠷ ᠬᠠᠭᠠᠯᠪᠦᠷᠢᠯᠠᠭᠰᠠᠨ ᠳᠤ ᠡᠯ᠎ᠡ ᠬᠤᠰᠢᠭᠤ ᠶᠢᠨ ᠠᠷᠠᠳ ᠣᠯᠠᠨ ᠳᠤᠭᠤᠶᠢᠯᠠᠩ ᠪᠣᠰᠴᠤ ᠡᠰᠡᠷᠭᠦᠴᠡᠭᠰᠡᠨ ᠠᠴᠠ᠂ ᠲᠤᠬᠠᠢ ᠶᠢᠨ ᠦᠶ᠎ᠡ ᠶᠢᠨ ᠶᠡᠭᠡ ᠵᠤᠤ | ᠴᠢᠭᠤᠯᠭᠠᠨ ᠳᠠᠷᠤᠭ᠎ᠠ᠂ ᠣᠷᠳᠤᠰ ᠤᠨ ᠪᠠᠷᠠᠭᠤᠨ ᠭᠠᠷᠤᠨ ᠬᠤᠶᠢᠳᠤ ᠬᠤᠰᠢᠭᠤᠨ ᠤ ᠵᠠᠰᠠᠭ ᠠᠷᠪᠢᠨᠪᠠᠶᠠᠷ ᠢ ᠴᠢᠩ ᠤᠯᠤᠰ ᠤᠨ ᠬᠠᠭᠠᠨ《 ᠠᠲᠠᠷ | ᠬᠠᠭᠠᠯᠪᠦᠷᠢᠯᠠᠬᠤ ᠶᠢ ᠡᠰᠡᠷᠭᠦᠴᠡᠭᠰᠡᠨ 》 ᠭᠡᠵᠦ ᠴᠢᠭᠤᠯᠭᠠᠨ ᠳᠠᠷᠤᠭ᠎ᠠ ᠶᠢᠨ ᠲᠤᠰᠢᠶᠠᠯ ᠢ ᠨᠢ ᠤᠭᠴᠠᠷᠠᠭᠤᠯᠪᠠ᠃ 1910 ᠣᠨ ᠳᠤ ᠣᠷᠳᠣᠰ ᠤᠨ ᠪᠠᠷᠠᠭᠤᠨ | ᠭᠠᠷᠤᠨ ᠡᠮᠦᠨᠡᠲᠦ ᠬᠤᠰᠢᠭᠤ ︵ᠦᠦᠰᠢᠨ ᠬᠤᠰᠢᠭᠤ︶ ᠳᠤ ᠰᠢᠨᠡᠯᠠᠮ᠎ᠠ ᠶᠢᠨ ᠤᠳᠤᠷᠢᠳᠤᠭᠰᠠᠨ ᠳᠤᠭᠤᠶᠢᠯᠠᠩ ᠤᠨ ᠬᠥᠳᠡᠯᠭᠡᠭᠡᠨ ᠦᠷᠨᠢᠪᠠ᠃ ᠡᠶᠢᠮᠦᠷᠬᠦ ᠤᠷᠢᠳᠤ | ᠡᠮᠦᠨ᠎ᠡ ᠭᠠᠷᠤᠭᠠᠳᠤᠢ ᠤᠯᠤᠰ ᠲᠦᠷᠦ ᠶᠢᠨ ᠬᠥᠳᠡᠯᠭᠡᠭᠡᠨ ᠪᠠ ᠬᠡᠷᠡᠭ ᠬᠤᠪᠢᠰᠤᠯ ᠢ ᠯᠤᠷᠤᠶᠢᠰᠠᠩᠪᠤ ᠮᠡᠲᠦ ᠶᠢᠨ ᠳᠡᠭᠡᠳᠦ ᠤᠬᠠᠮᠰᠠᠷ ᠲᠠᠢ ᠬᠥᠮᠦᠰ ᠠᠯᠢ ᠬᠡᠳᠦᠶᠢᠨ | ᠰᠤᠨᠤᠰᠴᠤ ᠮᠡᠳᠡᠨ᠂ ᠰᠦᠮ᠎ᠡ ᠬᠡᠶᠢᠳ ᠤᠨ ᠬᠤᠭᠤᠴᠠᠭ᠎ᠠ ᠲᠠᠢ ᠬᠤᠷᠠᠯ ᠬᠤᠢ ᠪᠤᠶᠤ ᠴᠠᠮ ᠨᠠᠶᠢᠷ ᠤᠨ ᠴᠢᠭᠤᠯᠭᠠᠨ ᠳᠤ ᠥᠷᠭᠡᠨ ᠢᠶᠠᠷ ᠤᠬᠠᠭᠤᠯᠤᠨ ᠳᠡᠯᠭᠡᠷᠡᠭᠦᠯᠵᠦ | ᠪᠠᠶᠢᠪᠠ᠃ ᠲᠤᠬᠠᠢ ᠶᠢᠨ ᠦᠶ᠎ᠡ ᠶᠢᠨ ᠪᠠᠶᠢᠳᠠᠯ ᠢ ᠣᠶᠢᠯᠭᠠᠬᠤ ᠪᠤᠭᠤᠷᠤᠯᠴᠤᠳ ᠤᠨ ᠬᠡᠯᠡᠬᠦ ᠪᠠᠷ ᠄ 《 ᠲᠡᠳᠡᠭᠡᠷ ᠤᠯᠠᠭᠠᠨ ᠨᠠᠮᠲᠠᠨ ᠪᠣᠯ ᠭᠤᠣᠯ ᠨᠢ ᠰᠦᠨᠢ ᠳᠡᠭᠡᠨ | ᠠᠵᠢᠯᠯᠠᠭ᠎ᠠ ᠬᠢᠳᠡᠭ᠂ ᠯᠤᠷᠤᠶᠢᠰᠠᠩᠪᠤ ᠭᠡᠵᠦ ᠬᠥᠮᠦᠨ ᠬᠤᠯᠠ ᠣᠶᠢᠷ᠎ᠠ ᠶᠢᠨ ᠴᠢᠮᠡᠭᠡ ᠶᠢ ᠰᠠᠶᠢᠨ ᠮᠡᠳᠡᠳᠡᠭ ᠪᠠᠶᠢᠯ᠎ᠠ 》 ᠭᠡᠵᠡᠭᠡᠳᠡᠭ ᠶᠣᠮ᠃ | ᠤᠯᠤᠰ ᠤᠨ ᠲᠣᠲᠤᠭᠠᠳᠤ ᠭᠠᠳᠠᠭᠠᠳᠤ ᠶᠢᠨ ᠵᠠᠯᠭᠠᠯᠳᠤᠭ᠎ᠠ ᠪᠠᠷ ᠭᠠᠷᠴᠤ ᠪᠠᠶᠢᠭ᠎ᠠ ᠬᠡᠷᠡᠭ ᠬᠤᠪᠢᠰᠤᠯ ᠪᠠ ᠲᠠᠰᠤᠷᠠᠯᠲᠠ ᠦᠭᠡᠢ ᠭᠠᠷᠴᠤ ᠪᠠᠶᠢᠭ᠎ᠠ ᠰᠢᠨ᠎ᠡ ᠬᠡᠷᠡᠭ | ᠪᠤᠳᠠᠰ ᠨᠢ ᠯᠤᠷᠤᠶᠢᠰᠠᠩᠪᠤ ᠶᠢᠨ ᠦᠵᠡᠯ ᠰᠠᠨᠠᠭ᠎ᠠ ᠶᠢ ᠭᠦᠨᠵᠡᠭᠡᠢ ᠬᠥᠨᠳᠡᠵᠦ᠂ ᠳᠡᠯᠡᠬᠡᠢ ᠶᠢᠷᠲᠢᠨᠴᠦ ᠶᠢᠨ ᠬᠤᠪᠢᠰᠤᠯᠲᠠ ᠬᠥᠭᠵᠢᠯᠲᠡ᠂ ᠰᠢᠨ᠎ᠡ ᠬᠡᠷᠡᠭ ᠪᠣᠳᠠᠰ ᠤᠨ | ᠠᠮᠢᠯᠠᠯ ᠤᠨ ᠬᠦᠴᠦᠨ ᠢ ᠲᠠᠨᠢᠨ ᠮᠡᠳᠡᠵᠦ᠂ ᠤᠷᠤᠭᠰᠢᠯᠠᠯᠲᠠ ᠳᠠᠪᠰᠢᠯᠲᠠ ᠶᠢᠨ ᠵᠠᠮ ᠢ ᠡᠷᠢᠯᠬᠢᠯᠡᠵᠦ᠂ ᠹᠸᠤᠳᠠᠯ ᠶᠤᠰᠤᠨ ᠢ ᠳᠦᠯᠬᠢᠨ ᠤᠨᠠᠭᠠᠵᠤ᠂ ᠡᠷᠬᠡ | ᠴᠢᠯᠦᠭᠡ ᠶᠢ ᠲᠡᠮᠡᠴᠡᠨ ᠣᠯᠬᠤ ᠵᠠᠮ ᠢ ᠵᠣᠷᠢᠭᠰᠠᠨ ᠪᠠᠶᠢᠨ᠎ᠠ᠃ | 1913 ᠣᠨ ᠤ 6 ᠳ᠋ᠤᠭᠠᠷ ᠰᠠᠷ᠎ᠠ ᠳᠤ ᠮᠣᠩᠭᠤᠯ ᠤᠯᠤᠰ ᠤᠨ ᠴᠡᠷᠢᠭ ᠣᠷᠣᠰ ᠤᠨ ᠶᠡᠭᠡ ᠫᠤᠤᠲᠤ ᠴᠡᠷᠢᠭ ᠤᠨ ᠬᠠᠪᠰᠤᠷᠤᠯᠭ᠎ᠠ ᠪᠠᠷ᠂ ᠸᠠᠩ ᠤᠨ ᠵᠤᠤ ᠶᠢᠨ | ᠸᠠᠩᠳᠠᠨᠨᠢᠮ᠎ᠠ᠂ ᠳᠠᠯᠠᠳ ᠬᠤᠰᠢᠭᠤᠨ ᠤ ᠪᠠᠶᠠᠨ ᠭᠦᠩ ︵白彦公︶᠂ ᠬᠠᠩᠭᠢᠨ ᠬᠤᠰᠢᠭᠤᠨ ᠤ ᠴᠣᠯᠮᠤᠨ᠂ ᠭᠢᠷᠢᠨ ᠮᠣᠵᠢ ᠶᠢᠨ ᠪᠤᠤ ᠽᠠᠢ ᠱᠠᠨ ᠵᠡᠷᠭᠡ | ᠴᠡᠷᠢᠭ ᠳᠠᠭᠠᠭᠤᠯᠤᠨ ᠶᠡᠭᠡ ᠵᠤᠤ ᠴᠢᠭᠤᠯᠭᠠᠨ ᠤ ᠤᠮᠠᠷᠠᠲᠤ ᠵᠠᠬ᠎ᠠ ᠶᠢ ᠳᠠᠶᠢᠯᠠᠵᠤ ᠰᠢᠷ᠎ᠠ ᠵᠤᠤ ᠬᠦᠷᠬᠦ ᠦᠶ᠎ᠡ ᠳᠤ ᠯᠤᠷᠤᠶᠢᠰᠠᠩᠪᠤ ᠳᠤᠭᠤᠶᠢᠯᠠᠩ ᠤᠨ ᠬᠥᠳᠡᠯᠭᠡᠭᠡᠨ ᠤ | ᠵᠣᠬᠢᠶᠠᠨ ᠪᠠᠶᠢᠭᠤᠯᠤᠭᠴᠢ᠂ ᠤᠳᠤᠷᠢᠳᠤᠭᠴᠢ ᠪᠣᠯᠬᠤ ᠸᠠᠩᠳᠠᠨᠨᠢᠮ᠎ᠠ ᠲᠠᠢ ᠲᠠᠨᠢᠯᠴᠠᠵᠠᠢ᠃ | 1919 ᠣᠨ ᠳᠤ ᠰᠢᠨᠡᠯᠠᠮ᠎ᠠ ᠨᠢᠭᠤᠴᠠ ᠪᠠᠷ ᠰᠢᠷ᠎ᠠ ᠵᠤᠤ ᠳᠤ ᠢᠷᠡᠬᠦ ᠳᠤ ᠯᠤᠷᠤᠶᠢᠰᠠᠩᠪᠤ ᠣᠯᠠᠨᠲᠠ ᠵᠣᠯᠭᠠᠵᠤ ᠥᠩᠭᠡᠷᠡᠪᠡ᠃ ᠸᠠᠩᠳᠠᠨᠨᠢᠮ᠎ᠠ᠂ ᠰᠢᠨᠡᠯᠠᠮ᠎ᠠ | ᠲᠠᠢ ᠣᠯᠠᠨᠲᠠ ᠨᠢᠭᠤᠷᠲᠠᠵᠤ ᠵᠣᠯᠭᠠᠨ᠂ ᠬᠠᠷᠢᠴᠠᠭ᠎ᠠ ᠬᠤᠯᠪᠣᠭ᠎ᠠ ᠠᠪᠬᠤ ᠳᠤᠮᠳᠠ᠂ ᠬᠤᠪᠢᠰᠬᠠᠯ ᠤᠨ ᠦᠵᠡᠯ ᠰᠠᠨᠠᠭᠠᠨ ᠳᠤ ᠭᠦᠨ ᠨᠥᠯᠦᠭᠡᠯᠡᠭᠳᠡᠨ᠂ ᠲᠡᠳᠡᠨ ᠤ | ᠬᠠᠪᠰᠤᠷᠤᠯᠭ᠎ᠠ ᠳᠡᠮᠵᠢᠯᠭᠡ ᠪᠠᠷ᠂ ᠦᠨᠡᠨ ᠶᠤᠰᠤ ᠶᠢ ᠡᠷᠢᠯᠬᠢᠯᠡᠵᠦ᠂ ᠬᠤᠪᠢᠰᠬᠠᠯᠲᠤ ᠬᠥᠳᠡᠯᠭᠡᠭᠡᠨ ᠳᠤ ᠡᠬᠢᠯᠡᠨ ᠣᠷᠣᠯᠴᠠᠪᠠ᠃ | 1925 ᠣᠨ ᠤ 8 ᠳ᠋ᠤᠭᠠᠷ ᠰᠠᠷ᠎ᠠ ᠳᠤ᠂ ᠰᠢᠨᠡᠯᠠᠮ᠎ᠠ ᠭᠤᠷᠪᠠᠳᠤᠭᠠᠷ ᠢᠨᠲ᠋ᠧᠷᠨᠠᠼᠢᠣᠨᠠᠯ ᠤᠨ ᠵᠢᠭᠠᠪᠦᠷᠢ ᠪᠠᠷ ᠤᠯᠤᠰ ᠲᠠᠭᠠᠨ ᠪᠤᠴᠠᠵᠤ ᠢᠷᠡᠭᠡᠳ ᠳᠤᠮᠳᠠᠳᠤ | ᠤᠯᠤᠰ ᠤᠨ ᠡᠪ ᠬᠠᠮᠲᠤ ᠨᠠᠮ ᠤᠨ ᠤᠮᠠᠷᠠᠲᠤ ᠣᠷᠣᠨ ᠤ ᠬᠠᠷᠢᠭᠤᠴᠠᠯᠭᠠᠲᠠᠨ ᠯᠢ ᠳ᠋ᠠ ᠵᠤᠤ᠂ ᠵᠤᠤ ᠱᠢ ᠶᠠᠨ ᠤ ᠰᠢᠭᠤᠳ ᠳᠡᠮᠵᠢᠯᠭᠡ ᠳᠣᠣᠷ᠎ᠠ 1925 ᠣᠨ ᠤ | 10 ᠳ᠋ᠤᠭᠠᠷ ᠰᠠᠷ᠎ᠠ ᠶᠢᠨ 12 ᠤᠨ ᠡᠳᠦᠷ ᠴᠢᠭᠤᠯᠤᠯᠲᠤ ᠬᠠᠭᠠᠯᠭ᠎ᠠ ᠳᠤ ᠥᠪᠦᠷ ᠮᠣᠩᠭᠤᠯ ᠤᠨ ᠠᠷᠠᠳ ᠤᠨ ᠬᠤᠪᠢᠰᠬᠠᠯᠲᠤ ᠨᠠᠮ ᠤᠨ ᠠᠩᠬᠠᠳᠤᠭᠠᠷ ᠤᠳᠠᠭᠠᠨ ᠤ | ᠲᠥᠯᠦᠭᠡᠯᠡᠭᠴᠢᠳ ᠤᠨ ᠶᠡᠭᠡ ᠬᠤᠷᠠᠯ ᠢ ᠬᠤᠷᠠᠯᠳᠤᠭᠤᠯᠵᠤ᠂ ᠰᠢᠨᠡᠯᠠᠮ᠎ᠠ ᠲᠥᠪ ᠬᠤᠷᠢᠶᠠᠨ ᠤ ᠬᠡᠷᠡᠭᠵᠢᠭᠦᠯᠦᠭᠴᠢ ᠭᠡᠰᠢᠭᠦᠨ᠂ ᠸᠠᠩᠳᠠᠨᠨᠢᠮ᠎ᠠ ᠥᠪᠦᠷ ᠮᠣᠩᠭᠤᠯ ᠤᠨ | ᠠᠷᠠᠳ ᠤᠨ ᠬᠤᠪᠢᠰᠬᠠᠯᠲᠤ ᠴᠡᠷᠢᠭ ᠤᠨ ᠰᠧᠯᠢᠩ ᠢᠶᠠᠷ ᠰᠤᠩᠭᠤᠭᠳᠠᠵᠠᠢ᠃ ᠯᠤᠷᠤᠶᠢᠰᠠᠩᠪᠤ ᠲᠤᠰ ᠬᠤᠷᠠᠯ ᠳᠤ ᠣᠷᠣᠯᠴᠠᠵᠠᠢ᠃ | 1926 ᠣᠨ ᠤ 7 ᠳ᠋ᠤᠭᠠᠷ ᠰᠠᠷ᠎ᠠ ᠳᠤ ᠰᠢᠨᠡᠯᠠᠮ᠎ᠠ ᠪᠤᠭᠤᠲᠤ ᠳᠤ ᠮᠣᠩᠭᠤᠯ ᠵᠠᠯᠠᠭᠤᠴᠤᠳ ᠤᠨ ᠪᠣᠯᠪᠠᠰᠤᠷᠠᠯ ᠤᠨ ᠰᠤᠷᠭᠠᠭᠤᠯᠢ ᠪᠠᠶᠢᠭᠤᠯᠵᠤ᠂ | ᠬᠤᠪᠢᠰᠬᠠᠯ ᠤᠨ ᠣᠨᠣᠯ ᠢ ᠤᠬᠠᠭᠤᠯᠤᠨ ᠤᠯᠠᠮᠵᠢᠯᠠᠵᠤ᠂ ᠬᠤᠪᠢᠰᠬᠠᠯᠲᠤ ᠬᠥᠳᠡᠯᠭᠡᠭᠡᠨ ᠤ ᠭᠤᠣᠯ ᠬᠦᠴᠦᠨ ᠢᠶᠠᠨ ᠬᠥᠮᠦᠵᠢᠭᠦᠯᠵᠦ᠂ 300 ᠭᠠᠷᠤᠢ ᠬᠤᠪᠢᠰᠬᠠᠯᠲᠤ | ᠪᠠᠶᠢᠯᠳᠤᠭᠴᠢ ᠶᠢ ᠪᠣᠯᠪᠠᠰᠤᠷᠠᠭᠤᠯᠪᠠ᠃ ᠡᠭᠦᠨ ᠤ ᠬᠠᠮᠲᠤ 8 ᠳ᠋ᠤᠭᠠᠷ ᠰᠠᠷ᠎ᠠ ᠳᠤ ᠥᠪᠦᠷ ᠮᠣᠩᠭᠤᠯ ᠤᠨ ᠠᠷᠠᠳ ᠤᠨ ᠬᠤᠪᠢᠰᠬᠠᠯᠲᠤ ᠴᠡᠷᠢᠭ ᠤᠨ ᠨᠢᠭᠡᠳᠦᠭᠡᠷ | ᠰᠠᠯᠪᠦᠷᠢ ᠠᠩᠭᠢ ᠶᠢ ᠪᠠᠶᠢᠭᠤᠯᠵᠤ᠂ ᠸᠠᠩᠳᠠᠨᠨᠢᠮ᠎ᠠ ᠰᠧᠯᠢᠩ ᠪᠣᠯᠵᠤ᠂ ᠰᠢᠨᠡᠯᠠᠮ᠎ᠠ ᠠᠷᠪᠠᠨ ᠬᠤᠶᠠᠳᠤᠭᠠᠷ ᠬᠤᠷᠢᠶᠠᠨ ᠤ ᠬᠤᠷᠢᠶᠠᠨ ᠳᠠᠷᠤᠭ᠎ᠠ ᠪᠣᠯᠣᠭᠰᠠᠨ ᠪᠠᠶᠢᠨ᠎ᠠ᠃ | ᠡᠨᠡᠬᠦ ᠬᠤᠭᠤᠴᠠᠭᠠᠨ ᠳᠤ ᠸᠠᠩᠳᠠᠨᠨᠢᠮ᠎ᠠ ᠠᠴᠠ ᠬᠠᠩᠭᠢᠨ ᠬᠤᠰᠢᠭᠤᠨ ᠳᠠᠬᠢ ᠯᠤᠷᠤᠶᠢᠰᠠᠩᠪᠤ᠂ ᠴᠤᠶᠢᠮᠰᠤᠨ ᠨᠠᠷ ᠲᠤ ᠨᠢᠭᠤᠴᠠ ᠵᠠᠬᠢᠳᠠᠯ ᠢᠷᠡᠭᠦᠯᠦᠭᠰᠡᠨ ᠳᠤ᠂ ᠲᠡᠳᠡ | ᠪᠠᠰᠠ ᠬᠦᠷᠦᠯᠴᠡᠨ ᠦᠵᠡᠵᠦ ᠪᠣᠯᠪᠠᠰᠤᠷᠠᠯ ᠳᠤ ᠣᠷᠣᠯᠴᠠᠭᠰᠠᠨ ᠪᠠᠶᠢᠨ᠎ᠠ᠃ ᠪᠣᠯᠪᠠᠰᠤᠷᠠᠯ ᠤᠨ ᠳᠠᠷᠠᠭ᠎ᠠ ᠯᠤᠷᠤᠶᠢᠰᠠᠩᠪᠤ ᠲᠥᠪ ᠬᠤᠷᠢᠶᠠᠨ ᠠᠴᠠ ᠣᠯᠭᠤᠨ | ᠥᠭᠭᠦᠭᠰᠡᠨ ᠭᠠᠵᠠᠷ ᠣᠷᠣᠨ ᠳᠠᠭᠠᠨ ᠴᠡᠷᠢᠭ ᠡᠯᠰᠡᠬᠦ ᠪᠠᠲᠤ ᠢᠲᠡᠭᠡᠮᠵᠢ ᠶᠢᠨ ᠪᠢᠴᠢᠭ ᠢ ᠬᠦᠯᠢᠶᠡᠨ ᠠᠪᠴᠤ᠂ ᠨᠤᠲᠤᠭ ᠣᠷᠣᠨ ᠳᠠᠭᠠᠨ ᠬᠤᠪᠢᠰᠬᠠᠯᠲᠤ | ᠠᠵᠢᠯᠯᠠᠭ᠎ᠠ ᠪᠠᠨ ᠦᠷᠨᠢᠭᠦᠯᠵᠦ᠂ ᠪᠥᠭᠲᠦ ᠶᠢᠨ ᠰᠢᠷ᠎ᠠ ᠵᠤᠤ ᠳᠡᠭᠡᠷ᠎ᠡ ᠬᠠᠩᠭᠢᠨ ᠬᠤᠰᠢᠭᠤᠨ ᠤ ᠥᠪᠦᠷ ᠮᠣᠩᠭᠤᠯ ᠤᠨ ᠠᠷᠠᠳ ᠤᠨ ᠬᠤᠪᠢᠰᠬᠠᠯᠲᠤ ᠨᠠᠮ ᠤᠨ ᠡᠭᠦᠷ ᠢ | ᠪᠠᠶᠢᠭᠤᠯᠪᠠ᠃ ᠡᠭᠦᠷ ᠤᠨ ᠭᠡᠰᠢᠭᠦᠨ ᠪᠣᠯ ᠯᠤᠷᠤᠶᠢᠰᠠᠩᠪᠤ᠂ ᠴᠤᠶᠢᠮᠰᠤᠨ᠂ ᠳᠠᠮᠪᠢᠶ᠋ᠢᠩᠨᠠ᠂ ᠳᠠᠮᠷᠢᠨ᠂ ᠬᠥᠯᠥᠭᠪᠠᠭᠠᠲᠤᠷ ᠵᠡᠷᠭᠡ ᠪᠠᠶᠢᠪᠠ᠃ ᠲᠡᠳᠡ ᠬᠠᠲᠤᠨ | ᠭᠤᠣᠯ ᠤᠨ ᠨᠠᠭᠠᠨ᠎ᠠ ᠴᠠᠭᠠᠨ᠎ᠠ᠂ ᠬᠠᠩᠬ᠎ᠠ ᠶᠢᠨ ᠭᠤᠷᠪᠠᠨ ᠪᠠᠭ᠂ ᠤᠷᠠᠳ ᠤᠨ ᠡᠮᠦᠨᠡᠲᠦ ᠬᠤᠰᠢᠭᠤ ᠵᠡᠷᠭᠡ ᠭᠠᠵᠠᠷ ᠣᠷᠣᠨ ᠠᠴᠠ ᠴᠡᠷᠢᠭ ᠡᠯᠰᠡᠵᠦ᠂ 50 ᠭᠠᠷᠤᠢ | ᠬᠥᠮᠦᠨ ᠢᠶᠠᠷ ᠪᠥᠷᠢᠯᠳᠦᠭᠰᠡᠨ ᠥᠪᠦᠷ ᠮᠣᠩᠭᠤᠯ ᠤᠨ ᠠᠷᠠᠳ ᠤᠨ ᠬᠤᠪᠢᠰᠬᠠᠯᠲᠤ ᠴᠡᠷᠢᠭ ᠤᠨ ᠬᠠᠩᠭᠢᠨ ᠬᠤᠰᠢᠭᠤᠨ ᠳᠠᠬᠢ ᠵᠡᠪᠰᠡᠭᠲᠦ ᠬᠦᠴᠦᠨ ᠢ ᠪᠠᠶᠢᠭᠤᠯᠵᠠᠢ᠃ | 1926 ᠣᠨ ᠤ 10 ᠳ᠋ᠤᠭᠠᠷ ᠰᠠᠷ᠎ᠠ ᠶᠢᠨ 16 ᠤ ᠡᠳᠦᠷ ᠥᠪᠦᠷ ᠮᠣᠩᠭᠤᠯ ᠤᠨ ᠠᠷᠠᠳ ᠤᠨ ᠬᠤᠪᠢᠰᠬᠠᠯᠲᠤ ᠨᠠᠮ ᠤᠨ ᠲᠥᠪ ᠬᠤᠷᠢᠶ᠎ᠠ ᠣᠲᠤᠭ | ᠬᠤᠰᠢᠭᠤᠨ ᠤ ᠶᠠᠲᠤ ᠴᠠᠭᠠᠨ ᠨᠠᠭᠤᠷ ᠲᠤ ᠶᠡᠭᠡ ᠵᠤᠤ ᠴᠢᠭᠤᠯᠭᠠᠨ ᠤ ᠬᠤᠪᠢᠰᠬᠠᠯᠲᠤ ᠨᠠᠮ ᠤᠨ ᠠᠩᠬᠠᠳᠤᠭᠠᠷ ᠤᠳᠠᠭᠠᠨ ᠤ ᠲᠥᠯᠦᠭᠡᠯᠡᠭᠴᠢᠳ ᠤᠨ ᠬᠤᠷᠠᠯᠳᠤᠭᠠᠨ ᠢ | ᠬᠤᠷᠠᠯᠳᠤᠭᠤᠯᠵᠠᠢ᠃ ᠲᠤᠰ ᠬᠤᠷᠠᠯᠳᠤᠭᠠᠨ ᠳᠤ ᠬᠠᠩᠭᠢᠨ ᠬᠤᠰᠢᠭᠤᠨ ᠠᠴᠠ ᠯᠤᠷᠤᠶᠢᠰᠠᠩᠪᠤ᠂ ᠴᠤᠶᠢᠮᠰᠤᠨ ᠵᠡᠷᠭᠡ ᠬᠥᠮᠦᠰ ᠢ ᠲᠤᠰᠬᠠᠶᠢᠯᠠᠨ ᠨᠡᠷᠡᠴᠢᠯᠡᠨ | ᠳᠠᠭᠤᠳᠠᠭᠰᠠᠨ ᠪᠣᠯᠬᠤᠷ ᠲᠡᠳᠡ ᠬᠠᠩᠭᠢᠨ ᠬᠤᠰᠢᠭᠤᠨ ᠤ ᠪᠥᠭᠲᠦ ᠶᠢᠨ ᠰᠢᠷ᠎ᠠ ᠵᠤᠤ ᠠᠴᠠ ᠮᠣᠷᠳᠠᠨ ᠣᠲᠤᠭ ᠬᠤᠰᠢᠭᠤᠨ ᠳᠤ ᠬᠦᠷᠴᠦ ᠬᠤᠷᠠᠯ ᠳᠤ ᠣᠷᠣᠯᠴᠠᠪᠠ᠃ | ᠬᠤᠷᠠᠯ ᠤᠨ ᠬᠤᠭᠤᠴᠠᠭᠠᠨ ᠳᠤ ᠰᠡᠷᠡᠩᠳᠤᠩᠷᠤᠪ ᠵᠡᠷᠭᠡ ᠲᠥᠪ ᠬᠤᠷᠢᠶᠠᠨ ᠤ ᠬᠥᠮᠦᠨ ᠲᠡᠳᠡᠨ ᠲᠠᠢ ᠠᠭᠤᠯᠵᠠᠵᠤ᠂ ᠲᠡᠳᠡᠨ ᠳᠤ᠄《 ᠸᠠᠩᠳᠠᠨᠨᠢᠮ᠎ᠠ ᠰᠧᠯᠢᠩ ᠨᠢᠭᠡᠨᠲᠡ | ᠨᠠᠰᠤ ᠪᠠᠷᠠᠪᠠ᠃ ᠲᠠ ᠨᠠᠷ ᠮᠥᠨ ᠸᠠᠩᠳᠠᠨᠨᠢᠮ᠎ᠠ ᠰᠧᠯᠢᠩ ᠤᠨ ᠤᠭ ᠤᠨ ᠲᠣᠭᠲᠠᠭᠠᠭᠰᠠᠨ ᠶᠤᠰᠤᠭᠠᠷ ᠬᠢᠬᠦ ᠬᠡᠷᠡᠭᠲᠡᠢ 》 ᠭᠡᠵᠦ ᠵᠢᠭᠠᠪᠦᠷᠢᠯᠠᠪᠠ᠃ ᠲᠡᠭᠡᠭᠡᠳ ᠲᠥᠪ | ᠬᠤᠷᠢᠶᠠᠨ ᠠᠴᠠ ᠥᠭᠭᠦᠭᠰᠡᠨ 10 ᠤᠷᠲᠤ ᠯᠢᠶᠡᠨ ᠵᠤ᠋ ᠫᠤᠤ ᠪᠠᠨ ᠠᠪᠴᠤ ᠬᠤᠰᠢᠭᠤᠨ ᠳᠠᠭᠠᠨ ᠪᠤᠴᠠᠵᠠᠢ᠃ ᠲᠡᠳᠡ ᠶᠠᠪᠤᠭᠰᠠᠭᠠᠷ ᠣᠲᠤᠭ ᠬᠤᠰᠢᠭᠤᠨ ᠤ | ᠤᠯᠠᠭᠠᠨᠵᠡᠷᠢᠮ ᠳᠤ ᠬᠦᠷᠬᠦ ᠦᠶ᠎ᠡ᠂ ᠬᠠᠩᠭᠢᠨ ᠬᠤᠰᠢᠭᠤᠨ ᠤ ᠲᠠᠶᠢᠵᠢ ᠰᠠᠩᠵᠢ ︵ ᠰᠢᠨᠡᠯᠠᠮ᠎ᠠ ᠰᠠᠳᠠᠩᠨᠤᠷᠪᠤ︶ ᠵᠠᠮ ᠲᠤᠰᠴᠤ ᠣᠴᠢᠭᠠᠳ᠄《 ᠪᠢᠳᠠ ᠤᠯᠠᠭᠠᠨ | ᠨᠠᠮ ᠲᠠᠢ ᠬᠠᠷᠢᠴᠠᠭ᠎ᠠ ᠬᠤᠯᠪᠤᠭ᠎ᠠ ᠠᠪᠬᠤ ᠪᠠᠷ ᠲᠤᠰᠬᠠᠶᠢᠯᠠᠨ ᠲᠠ ᠨᠠᠷ ᠲᠠᠢ ᠵᠣᠯᠭᠠᠬᠤ ᠪᠠᠷ ᠢᠷᠡᠯ᠎ᠡ 》 ᠭᠡᠪᠡ᠃ ᠲᠡᠭᠡᠭᠡᠳ ᠲᠡᠳᠡ ᠨᠠᠷ ᠪᠠᠭᠤᠳᠠᠯᠯᠠᠨ ᠰᠠᠩᠵᠢ ᠳᠤ | ᠲᠣᠲᠣᠭᠠᠳᠤ ᠮᠣᠩᠭᠤᠯ ᠤᠨ ᠠᠷᠠᠳ ᠤᠨ ᠬᠤᠪᠢᠰᠬᠠᠯᠲᠤ ᠨᠠᠮ ᠤᠨ ᠲᠤᠬᠠᠢ ᠰᠤᠷᠲᠠᠯᠴᠢᠯᠠᠨ ᠤᠬᠠᠭᠤᠯᠪᠠ᠃ ᠲᠡᠷᠡ ᠲᠡᠳᠡᠨ ᠤ ᠤᠬᠠᠭᠤᠯᠤᠯ ᠢ ᠵᠥᠪᠰᠢᠶᠡᠷᠡᠵᠦ᠂ | ᠬᠠᠩᠭᠢᠨ ᠬᠤᠰᠢᠭᠤᠨ ᠳᠤ ᠨᠠᠮ ᠪᠠᠶᠢᠭᠤᠯᠵᠤ ᠨᠠᠮ ᠤᠨ ᠠᠵᠢᠯ ᠦᠷᠨᠢᠭᠦᠯᠬᠦ ᠶᠢ ᠬᠠᠯᠠᠭᠤᠨ ᠢᠶᠠᠷ ᠬᠦᠷᠢᠶᠡᠯᠡᠨ ᠳᠡᠮᠵᠢᠪᠡ᠃ ᠢᠩᠬᠢᠭᠡᠳ ᠲᠡᠳᠡ ᠨᠠᠷ ᠬᠠᠩᠭᠢᠨ | ᠬᠤᠰᠢᠭᠤᠨ ᠤ ᠬᠤᠷᠤᠭᠠᠨᠴᠠᠶᠢᠳᠠᠮ ᠳᠤ ᠬᠦᠷᠬᠦ ᠳᠤ᠂ ᠬᠠᠩᠭᠢᠨ ᠬᠤᠰᠢᠭᠤᠨ ᠤ ᠶᠠᠮᠤᠨ ᠤ ᠪᠢᠴᠢᠭᠡᠴᠢ ᠳᠤᠭᠠᠷᠵᠠᠪ ᠲᠣᠪᠲᠤᠯᠭᠠᠨ ᠢᠷᠡᠵᠦ᠄《 ᠬᠤᠰᠢᠭᠤᠨ ᠤ | ᠨᠣᠶᠠᠳ ᠳᠦᠰᠢᠮᠡᠳ ᠠᠴᠠ ᠡᠷᠬᠢᠮ ᠲᠠ ᠨᠠᠷ ᠢ ᠬᠤᠰᠢᠭᠤᠨ ᠤ ᠶᠠᠮᠤᠨ ᠱᠠᠩ ᠳᠤ ᠤᠷᠢᠵᠤ ᠴᠢᠬᠤᠯᠠ ᠶᠠᠪᠤᠳᠠᠯ ᠢ ᠵᠥᠪᠳᠡᠬᠦ ᠭᠡᠵᠦ ᠪᠠᠶᠢᠨ᠎ᠠ 》 ᠭᠡᠵᠦ | ᠤᠷᠢᠭᠰᠠᠨ ᠳᠤ᠂ ᠲᠡᠳᠡᠨᠠᠷ ᠤᠷᠢᠯᠭ᠎ᠠ ᠶᠤᠰᠤᠭᠠᠷ ᠬᠤᠰᠢᠭᠤᠨ ᠤ ᠶᠠᠮᠤᠨ ᠳᠡᠭᠡᠷ᠎ᠡ ᠬᠦᠷᠦᠭᠰᠡᠨ᠎ᠡ ᠶᠠᠮᠤᠨ ᠤ ᠶᠡᠭᠡ ᠪᠠᠭ᠎ᠠ ᠨᠤᠶᠠᠳ ᠳᠦᠰᠢᠮᠡᠳ ᠤᠭᠲᠤᠵᠤ | ᠬᠦᠨᠳᠦ ᠪᠠᠷ ᠵᠣᠴᠢᠯᠠᠨ ᠳᠠᠶᠢᠯᠠᠪᠠ᠃ ᠳᠠᠶᠢᠯᠠᠯᠭ᠎ᠠ ᠳᠡᠭᠡᠷ᠎ᠡ ᠬᠤᠰᠢᠭᠤᠨ ᠤ ᠵᠠᠰᠠᠭ ᠨᠣᠶᠠᠨ ᠠᠯᠲᠠᠨ᠋ᠧᠴᠢᠷ᠄《 ᠡᠷᠬᠢᠮ ᠲᠠ ᠨᠠᠷ ᠣᠲᠤᠭ ᠬᠤᠰᠢᠭᠤᠨ ᠠᠴᠠ ᠢᠷᠡᠬᠦ | ᠤᠯᠠᠭᠠᠨ ᠨᠠᠮ ︵ᠲᠤᠲᠤᠭᠠᠳᠤ ᠮᠣᠩᠭᠤᠯ ᠤᠨ ᠠᠷᠠᠳ ᠤᠨ ᠨᠠᠮ︶ ᠤᠨ ᠬᠥᠮᠦᠰ ᠢ ᠤᠷᠢᠳ ᠢᠶᠠᠷ ᠰᠢᠷ᠎ᠠ ᠵᠤᠤ ᠳᠡᠭᠡᠷ᠎ᠡ ᠰᠠᠭᠤᠯᠭᠠᠨ ᠵᠣᠴᠢᠯᠠᠵᠤ ᠪᠠᠶᠢᠬᠤ ᠶᠢ ᠬᠦᠰᠡᠶ᠎ᠡ | ᠂ ᠪᠢᠳᠠ ᠠᠳᠡ ᠠᠭᠠᠵᠢᠮ ᠢᠶᠠᠷ ᠵᠥᠪᠯᠡᠯᠳᠦᠨ ᠰᠠᠶᠢᠲᠤᠷ ᠪᠡᠯᠡᠳᠬᠡᠯ ᠬᠢᠵᠦ ᠪᠠᠷᠠᠭᠰᠠᠨ ᠤ ᠳᠠᠷᠠᠭ᠎ᠠ ᠲᠤᠰᠬᠠᠶᠢᠯᠠᠨ ᠳᠦᠰᠢᠮᠡᠯ ᠲᠣᠮᠢᠯᠠᠨ ᠣᠴᠢᠭᠤᠯᠵᠤ ᠪᠠᠶᠠᠷᠯᠠᠨ | ᠤᠭᠲᠤᠭᠤᠯᠤᠨᠠ 》 ᠭᠡᠵᠦ ᠢᠯᠡᠳᠬᠡᠭᠰᠡᠨ ᠤ ᠬᠠᠮᠲᠤ᠂ ᠯᠤᠷᠤᠶᠢᠰᠠᠩᠪᠤ ᠳᠤ᠄《 ᠬᠤᠰᠢᠭᠤᠨ ᠤ ᠲᠤᠲᠤᠷᠠᠬᠢ ᠤᠯᠠᠭᠠᠨ ᠨᠠᠮ ᠤᠨ ᠲᠤᠬᠠᠢ ᠠᠵᠢᠯ ᠶᠠᠪᠤᠳᠠᠯ ᠢ | ᠲᠥᠪ ᠬᠤᠷᠢᠶᠠᠨ ᠤ ᠲᠡᠳᠡᠭᠡᠷ ᠬᠥᠮᠦᠰ ᠲᠠᠢ ᠵᠥᠪᠳᠡᠨ ᠶᠠᠪᠤᠭᠤᠯᠬᠤ ᠪᠠ ᠥᠪᠡᠷ ᠤᠨ ᠬᠤᠰᠢᠭᠤ ᠶᠢ ᠲᠥᠯᠦᠭᠡᠯᠡᠨ ᠡᠵᠡᠨ ᠮᠡᠳᠡᠵᠦ ᠰᠠᠶᠢᠲᠤᠷ ᠬᠢᠲᠦᠭᠡᠢ》 ᠭᠡᠮᠡᠨ | ᠨᠠᠶᠢᠲᠠᠵᠠᠢ᠂ ᠬᠠᠯᠵᠠᠨ᠂ ᠴᠤᠶᠢᠮᠰᠤᠨ ᠢ ᠬᠠᠪᠰᠤᠷᠤᠭᠴᠢ ᠪᠣᠯᠭᠠᠨ ᠲᠤᠰ ᠲᠤᠰ ᠡᠷᠭᠦᠮᠵᠢᠯᠡᠯ ᠤᠨ ᠪᠢᠴᠢᠭ ᠥᠭᠴᠦ ᠲᠣᠮᠢᠯᠠᠪᠠ᠃ | ᠲᠤᠰ ᠵᠢᠯ ᠤᠨ ᠡᠪᠦᠯ᠂ ᠰᠡᠷᠡᠩᠳᠤᠩᠷᠤᠪ ᠵᠡᠷᠭᠡ ᠲᠥᠪ ᠬᠤᠷᠢᠶᠠᠨ ᠤ ᠤᠳᠤᠷᠢᠳᠬᠤ ᠬᠥᠮᠦᠰ ᠯᠤᠷᠤᠶᠢᠰᠠᠩᠪᠤ᠂ ᠴᠤᠶᠢᠮᠰᠤᠨ ᠤ ᠤᠷᠢᠯᠭ᠎ᠠ ᠪᠠᠷ ᠬᠠᠩᠭᠢᠨ | ᠬᠤᠰᠢᠭᠤᠨ ᠤ ᠪᠥᠭᠲᠦ ᠶᠢᠨ ᠰᠢᠷ᠎ᠠ ᠵᠤᠤ ᠳᠡᠭᠡᠷ᠎ᠡ ᠬᠦᠷᠴᠦ ᠢᠷᠡᠪᠡ᠃ ᠲᠡᠳᠡ ᠰᠦᠮ᠎ᠡ ᠶᠢᠨ ᠯᠠᠮᠠ ᠨᠠᠷ ᠪᠣᠯᠣᠨ ᠣᠷᠴᠢᠮ ᠤᠨ ᠮᠠᠯᠴᠢᠳ ᠠᠷᠠᠳ ᠢ | ᠣᠷᠣᠯᠴᠠᠭᠤᠯᠤᠭᠰᠠᠨ ᠶᠡᠭᠡ ᠪᠠᠭ᠎ᠠ ᠬᠤᠷᠠᠯ ᠢ ᠬᠡᠳᠦᠨᠳᠡ ᠬᠢᠵᠦ ᠲᠣᠲᠣᠭᠠᠳᠤ ᠮᠣᠩᠭᠤᠯ ᠤᠨ ᠠᠷᠠᠳ ᠤᠨ ᠬᠤᠪᠢᠰᠬᠠᠯᠲᠤ ᠨᠠᠮ ᠤᠨ ᠲᠤᠬᠠᠢ ᠰᠤᠷᠲᠠᠯᠴᠢᠯᠠᠨ | ᠣᠬᠠᠭᠤᠯᠪᠠ᠃ ᠡᠨᠡ ᠵᠠᠭᠤᠷ᠎ᠠ᠂ ᠲᠥᠪ ᠬᠤᠷᠢᠶᠠᠨ ᠤ ᠴᠢᠬᠤᠯᠠ ᠤᠳᠤᠷᠢᠳᠤᠯᠭ᠎ᠠ ᠪᠣᠯᠬᠤ ᠮᠧᠷᠰᠧ ᠵᠡᠷᠭᠡ ᠬᠥᠮᠦᠰ ᠨᠢ ᠬᠠᠩᠭᠢᠨ ᠬᠤᠰᠢᠭᠤᠨ ᠤ ᠸᠠᠩ ᠤᠨ | ᠣᠷᠳᠤᠨ ᠳᠤ ᠬᠦᠷᠴᠦ ᠵᠠᠰᠠᠭ ᠨᠣᠶᠠᠨ ᠠᠯᠲᠠᠨ᠋ᠧᠴᠢᠷ ᠲᠠᠢ ᠤᠴᠠᠷᠠᠵᠤ᠂ ᠲᠣᠲᠣᠭᠠᠳᠤ ᠮᠣᠩᠭᠤᠯ ᠤᠨ ᠠᠷᠠᠳ ᠤᠨ ᠬᠤᠪᠢᠰᠬᠠᠯᠲᠤ ᠨᠠᠮ ᠤᠨ ᠲᠤᠬᠠᠢ ᠤᠬᠠᠭᠤᠯᠤᠯ | ᠬᠢᠵᠦ ᠨᠣᠶᠠᠨ ᠳᠤ ᠨᠢᠭᠡᠨ ᠤᠷᠲᠤ ᠫᠤᠤ ᠪᠡᠯᠭᠡᠯᠡᠨ ᠥᠭᠴᠡᠢ᠃ ᠠᠯᠲᠠᠨ᠋ᠧᠴᠢᠷ ᠨᠣᠶᠠᠨ ᠴᠦ ᠬᠠᠩᠭᠢᠨ ᠬᠤᠰᠢᠭᠤᠨ ᠳᠤ ᠤᠯᠠᠭᠠᠨ ᠨᠠᠮ ᠤᠨ ᠳᠡᠯᠭᠡᠷᠡᠬᠦ ᠶᠢ ᠪᠠᠶᠠᠷᠯᠠᠨ | ᠤᠭᠲᠤᠵᠤ ᠪᠠᠶᠢᠬᠤ ᠪᠠᠨ ᠢᠯᠡᠳᠬᠡᠬᠦ᠂ ᠮᠧᠷᠰᠧ ᠵᠡᠷᠭᠡ ᠬᠥᠮᠦᠰ ᠲᠤ ᠰᠢᠷᠭ᠎ᠠ ᠮᠣᠷᠢᠨ ᠤ ᠬᠠᠷᠢᠭᠤ ᠪᠡᠯᠡᠭ ᠬᠦᠷᠭᠡᠭᠰᠡᠨ ᠪᠠᠶᠢᠨ᠎ᠠ᠃ | ᠬᠠᠩᠭᠢᠨ ᠬᠤᠰᠢᠭᠤᠨ ᠤ ᠰᠢᠷ᠎ᠠ ᠵᠤᠤ ᠳᠠᠬᠢ ᠲᠣᠲᠣᠭᠠᠳᠤ ᠮᠣᠩᠭᠤᠯ ᠤᠨ ᠬᠤᠪᠢᠰᠬᠠᠯᠲᠤ ᠨᠠᠮ ᠤᠨ ᠡᠭᠦᠷ ᠢ ᠦᠦᠰᠢᠨ ᠬᠤᠰᠢᠭᠤᠨ ᠤ ᠲᠤᠲᠤᠭᠠᠳᠤ | ᠮᠣᠩᠭᠤᠯ ᠤᠨ ᠠᠷᠠᠳ ᠤᠨ ᠬᠤᠪᠢᠰᠬᠠᠯᠲᠤ ᠨᠠᠮ ᠤᠨ ᠵᠣᠬᠢᠶᠠᠨ ᠪᠠᠶᠢᠭᠤᠯᠤᠯᠲᠠ ᠲᠠᠢ ᠲᠤᠰᠬᠠᠢ ᠬᠥᠮᠦᠨ ᠲᠣᠮᠢᠯᠠᠨ ᠢᠮᠠᠭᠲᠠ ᠬᠠᠷᠢᠴᠠᠭ᠎ᠠ ᠬᠤᠯᠪᠤᠭ᠎ᠠ ᠠᠪᠴᠤ | ᠪᠠᠶᠢᠵᠠᠢ᠃ | 1926 ᠣᠨ ᠤ ᠡᠪᠦᠯ᠂ ᠠᠯᠲᠠᠨ᠋ᠧᠴᠢᠷ ᠵᠠᠰᠠᠭ ᠨᠣᠶᠠᠨ ᠦᠬᠡᠷ ᠠᠮᠤᠭᠤᠯᠠᠩ ᠵᠡᠷᠭᠡ ᠬᠥᠮᠦᠰ ᠢ ᠬᠤᠰᠢᠭᠤ ᠨᠤᠲᠤᠭ ᠤᠨ ᠢᠶᠠᠨ ᠲᠥᠯᠦᠭᠡ《 ᠰᠠᠶᠢᠨ ᠴᠢᠷᠮᠠᠶᠢᠵᠤ | ᠪᠠᠶᠢᠨ᠎ᠠ 》 ᠭᠡᠮᠡᠨ ᠰᠠᠶᠢᠰᠢᠶᠠᠵᠤ᠂ ᠬᠤᠰᠢᠭᠤ ᠨᠤᠲᠤᠭ ᠢᠶᠠᠨ ᠬᠠᠮᠠᠭᠠᠯᠠᠬᠤ ᠶᠢᠨ ᠲᠤᠰᠠᠳᠠ ᠳᠤ《 ᠬᠠᠮᠠᠭᠠᠯᠠᠬᠤ ᠬᠤᠷᠢᠶ᠎ᠠ 》 ︵ᠪᠣᠤ ᠸᠧᠢ ᠲᠤᠸᠠᠨ︶ ᠭᠡᠳᠡᠭ | ᠵᠡᠪᠰᠡᠭᠲᠦ ᠠᠩᠭᠢ ᠶᠢ ᠪᠠᠶᠢᠭᠤᠯᠬᠤ ᠪᠠᠷ ᠲᠣᠭᠲᠠᠭᠠᠵᠤ᠂ ᠦᠬᠡᠷ ᠠᠮᠤᠭᠤᠯᠠᠩ ᠢ ᠲᠦᠷᠦᠭᠦᠦ ᠪᠠᠷ ᠲᠣᠮᠢᠯᠠᠵᠤ᠂ ᠬᠤᠰᠢᠭᠤᠨ ᠤ ᠰᠠᠩ ᠬᠥᠮᠦᠷᠭᠡ ᠠᠴᠠ ᠠᠷᠪᠠᠨ ᠫᠤᠤ | ᠵᠡᠪᠰᠡᠭ ᠭᠠᠷᠭᠠᠵᠤ ᠵᠡᠪᠰᠡᠭᠯᠡᠵᠡᠢ᠃ ᠠᠯᠲᠠᠨ᠋ᠧᠴᠢᠷ ᠤᠨ ᠲᠠᠲᠠᠬᠤ ᠠᠷᠭ᠎ᠠ ᠳᠤ ᠤᠨᠠᠭᠰᠠᠨ ᠦᠬᠡᠷ ᠠᠮᠤᠭᠤᠯᠠᠩ ᠨᠤᠲᠤᠭ ᠲᠠᠭᠠᠨ ᠬᠠᠷᠢᠭᠠᠳ《 ᠬᠠᠮᠠᠭᠠᠯᠠᠬᠤ | ᠬᠤᠷᠢᠶ᠎ᠠ》 ᠪᠠᠨ ᠥᠷᠭᠡᠳᠬᠡᠨ ᠪᠠᠶᠢᠭᠤᠯᠵᠤ ᠪᠠᠶᠢᠲᠠᠯ᠎ᠠ ᠵᠠᠷᠢᠮ ᠬᠥᠮᠦᠰ ᠪᠥᠭᠲᠦ ᠶᠢᠨ ᠰᠢᠷ᠎ᠠ ᠵᠤᠤ ᠳᠠᠬᠢ ᠲᠣᠲᠣᠭᠠᠳᠤ ᠮᠣᠩᠭᠤᠯ ᠤᠨ ᠠᠷᠠᠳ ᠤᠨ ᠬᠤᠪᠢᠰᠬᠠᠯᠲᠤ | ᠨᠠᠮ ᠤᠨ ᠬᠥᠮᠦᠰ ᠬᠠᠷᠢᠨ《 ᠬᠠᠩᠭᠢᠨ ᠬᠤᠰᠢᠭᠤᠨ ᠳᠤ ᠵᠠᠰᠠᠭ ᠨᠣᠶᠠᠨ ᠲᠠᠢ ᠪᠢᠳᠠ ᠡᠲᠦᠭᠡ ᠫᠤᠤ ᠶᠢᠨ ᠠᠮᠠ ᠪᠠᠷ ᠬᠡᠯᠡᠯᠴᠡᠭᠡ ᠬᠢᠨ᠎ᠡ 》 ᠭᠡᠵᠦ ᠪᠠᠶᠢᠨ᠎ᠠ ᠭᠡᠮᠡᠨ | ᠬᠤᠪᠴᠢᠯᠠᠨ ᠬᠡᠯᠡᠪᠡ᠃ ᠵᠣᠭᠰᠤᠯᠲᠠ ᠪᠠᠨ ᠠᠯᠳᠠᠭᠰᠠᠨ ᠦᠬᠡᠷ ᠠᠮᠤᠭᠤᠯᠠᠩ ᠠᠯᠲᠠᠨ᠋ᠧᠴᠢᠷ ᠸᠠᠩ ᠳᠤ᠄《 ᠡᠨᠡ ᠦᠭᠡ ᠮᠠᠨ ᠤ ᠬᠤᠰᠢᠭᠤᠨ ᠤ ᠠᠮᠤᠷ ᠮᠡᠨᠳᠦ ᠶᠢ | ᠬᠠᠷᠰᠢᠯᠠᠬᠤ ᠶᠠᠪᠤᠳᠠᠯ ᠬᠢᠵᠦ ᠪᠠᠶᠢᠨ᠎ᠠ 》 ᠭᠡᠵᠦ ᠮᠡᠳᠡᠭᠦᠯᠦᠭᠰᠡᠨ ᠳᠤ᠂ ᠠᠯᠲᠠᠨ᠋ᠧᠴᠢᠷ ᠨᠣᠶᠠᠨ ᠦᠬᠡᠷ ᠠᠮᠤᠭᠤᠯᠠᠩ ᠢ ᠰᠢᠷ᠎ᠠ ᠵᠤᠤ ᠳᠠᠬᠢ ᠨᠠᠮ ᠤᠨ ᠡᠭᠦᠷ ᠤᠨ | ᠬᠠᠷᠢᠭᠤᠴᠠᠯᠭᠠᠲᠠᠨ ᠢ ᠪᠠᠷᠢᠪᠴᠢᠯᠠᠭᠤᠯᠬᠤ ᠪᠠᠷ ᠳᠣᠬᠢᠨ ᠶᠠᠪᠤᠭᠤᠯᠪᠠ᠃ 1927 ᠣᠨ ᠤ 1 ᠰᠠᠷ᠎ᠠ ᠶᠢᠨ 28 ᠤ ᠡᠳᠦᠷ ︵ᠥᠭᠡᠯᠵᠢᠨ ᠰᠠᠷ᠎ᠠ ᠶᠢᠨ ᠬᠤᠷᠢᠨ ᠲᠠᠪᠤᠨ︶ | ᠦᠬᠡᠷ ᠠᠮᠤᠭᠤᠯᠠᠩ ᠲᠦᠷᠦᠭᠦᠲᠡᠢ ᠥᠪᠴᠢ ᠵᠡᠪᠰᠡᠭᠯᠡᠭᠰᠡᠨ 10 ᠢᠯᠡᠭᠦᠦ ᠴᠡᠷᠢᠭ ᠪᠥᠭᠲᠦ ᠶᠢᠨ ᠰᠢᠷ᠎ᠠ ᠵᠤᠤ ᠶᠢᠨ ᠰᠦᠮ᠎ᠡ ᠳᠡᠭᠡᠷ᠎ᠡ ᠲᠣᠪᠲᠤᠯᠭᠠᠨ ᠢᠷᠡᠵᠦ᠂ | ᠬᠤᠪᠢᠰᠬᠠᠯᠲᠤ ᠴᠡᠷᠢᠭ ᠤᠳ ᠣᠯᠠᠩᠬᠢ ᠨᠢ ᠭᠡᠷ ᠲᠡᠭᠡᠨ ᠰᠢᠨᠡᠯᠡᠬᠦ ᠪᠠᠷ ᠬᠠᠷᠢᠵᠠᠭᠠᠭᠰᠠᠨ᠂ ᠪᠡᠯᠡᠳᠬᠡᠯ ᠦᠭᠡᠢ ᠪᠠᠶᠢᠭᠰᠠᠨ ᠢ ᠳᠠᠯᠢᠮᠳᠠᠭᠤᠯᠤᠨ ᠯᠤᠷᠤᠶᠢᠰᠠᠩᠪᠤ᠂ | ᠳᠠᠮᠪᠢᠶ᠋ᠢᠩᠨᠠ᠂ ᠬᠠᠯᠵᠠᠨ᠂ ᠴᠤᠶᠢᠮᠰᠤᠨ᠂ ᠳᠠᠮᠷᠢᠨᠵᠠᠪ ᠵᠡᠷᠭᠡ ᠲᠠᠪᠤᠨ ᠬᠥᠮᠦᠨ ᠢ ᠪᠠᠷᠢᠪᠴᠢᠯᠠᠨ ᠠᠪᠴᠠᠢ᠃ | ᠯᠤᠷᠤᠶᠢᠰᠠᠩᠪᠤ᠂ ᠳᠠᠮᠪᠢᠶ᠋ᠢᠩᠨᠠ᠂ ᠬᠠᠯᠵᠠᠨ᠂ ᠴᠤᠶᠢᠮᠰᠤᠨ ᠵᠡᠷᠭᠡ ᠬᠥᠮᠦᠰ ᠬᠡᠳᠦᠶᠢᠪᠡᠷ ᠬᠠᠷᠭᠢᠰ ᠵᠠᠰᠠᠭ ᠠᠯᠲᠠᠨ᠋ᠧᠴᠢᠷ ᠨᠣᠶᠠᠨ ᠤ ᠭᠢᠨᠳᠠᠨ ᠳᠤ ᠬᠤᠷᠢᠭᠳᠠᠨ | ᠡᠷᠡᠭᠦᠳᠡᠨ ᠲᠠᠮᠤᠯᠠᠭᠳᠠᠵᠤ ᠪᠠᠶᠢᠭᠰᠠᠨ ᠪᠣᠯᠪᠠᠴᠤ ᠬᠤᠪᠢᠰᠬᠠᠯᠲᠤ ᠵᠣᠭᠰᠤᠯᠲᠠ ᠪᠠᠨ ᠠᠯᠳᠠᠭᠰᠠᠨ ᠦᠭᠡᠢ᠃ ᠯᠤᠷᠤᠶᠢᠰᠠᠩᠪᠤ ᠭᠢᠨᠳᠠᠨ ᠤ ᠬᠠᠨ᠎ᠠ ᠶᠢᠨ ᠰᠢᠯᠦᠭ ᠪᠢᠴᠢᠵᠦ | ᠄ | 《 ᠪᠠᠶᠠᠷ ᠴᠡᠩᠬᠡᠯ ᠦᠷᠭᠦᠯᠵᠢᠳᠡ ᠦᠷᠨᠢᠨ ᠪᠠᠳᠠᠷᠠ | ᠪᠠᠰᠠ ᠮᠠᠨ ᠤ ᠨᠠᠮ ᠤᠨ ᠶᠤᠰᠤ ᠤᠯᠠᠮ ᠪᠠᠳᠠᠷᠠ | ᠪᠠᠷᠢᠭᠳᠠᠭᠰᠠᠨ ᠪᠢᠳᠠ ᠨᠠᠷ ᠤᠨ ᠨᠡᠷ᠎ᠡ ᠪᠠᠳᠠᠷᠠ | ᠪᠠᠶᠠᠳ ᠨᠣᠶᠠᠳ ᠨᠠᠷ ᠤᠨ ᠬᠦᠰᠡᠯ ᠨᠢ ᠬᠠᠨᠤᠭᠲᠤᠨ 》 | ᠭᠡᠵᠦ ᠦᠷᠭᠦᠯᠵᠢᠯᠡᠨ ᠬᠤᠪᠢᠰᠬᠠᠯ ᠬᠢᠬᠦ ᠵᠣᠷᠢᠭ ᠢᠶᠠᠨ ᠢᠯᠡᠳᠬᠡᠭᠰᠡᠨ ᠪᠠᠶᠢᠨ᠎ᠠ᠃ | 1927 ᠣᠨ ᠤ ᠵᠤᠨ᠂ ᠯᠤᠷᠤᠶᠢᠰᠠᠩᠪᠤ ᠬᠠᠩᠭᠢᠨ ᠬᠤᠰᠢᠭᠤᠨ ᠤ ᠶᠠᠮᠤᠨ ᠳᠤ ᠬᠠᠭᠠᠰ ᠵᠢᠯ ᠢᠯᠡᠭᠦᠦ ᠬᠤᠷᠢᠭᠳᠠᠵᠤ ᠡᠷᠡᠭᠦᠳᠡᠨ ᠲᠠᠮᠤᠯᠠᠭᠳᠠᠵᠤ᠂ ᠬᠦᠨᠳᠦ | ᠶᠠᠯᠠᠯᠠᠭᠳᠠᠨ ᠮᠠᠯ ᠮᠥᠩᠭᠦ ᠪᠠᠷ ᠲᠣᠷᠭᠠᠭᠳᠠᠵᠤ᠂ ᠵᠠᠭᠤᠨ ᠲᠠᠰᠢᠭᠤᠷ ᠭᠤᠶᠠᠳᠠᠭᠤᠯᠤᠨ᠂ ᠭᠤᠷᠪᠠᠨ ᠪᠤᠳᠠ᠂ ᠭᠤᠷᠪᠠᠨ ᠴᠠᠢ ᠪᠠᠷ ᠶᠠᠯᠠᠯᠠᠭᠤᠯᠵᠤ ᠭᠢᠨᠳᠠᠨ ᠠᠴᠠ | ᠰᠤᠯᠠᠯᠠᠭᠳᠠᠨ ᠭᠠᠷᠴᠠᠢ᠃ | 1927 ᠣᠨ ᠠᠴᠠ1930 ᠣᠨ ᠤ ᠬᠤᠭᠤᠴᠠᠭᠠᠨ ᠳᠤ ᠰᠡᠷᠡᠩᠳᠤᠩᠷᠤᠪ ᠥᠪᠦᠷ ᠮᠣᠩᠭᠤᠯ ᠤᠨ ᠠᠷᠠᠳ ᠤᠨ ᠬᠤᠪᠢᠰᠬᠠᠯᠲᠤ ᠨᠠᠮ ᠠᠴᠠ ᠤᠷᠪᠠᠵᠤ᠂ | ᠰᠢᠨᠡᠯᠠᠮ᠎ᠠ ᠬᠤᠣᠷᠯᠠᠭᠳᠠᠭᠰᠠᠨ ᠠᠴᠠ ᠦᠦᠰᠢᠨ ᠬᠤᠰᠢᠭᠤ ᠪᠠ ᠬᠠᠩᠭᠢᠨ ᠬᠤᠰᠢᠭᠤᠨ ᠤ ᠳᠤᠭᠤᠶᠢᠯᠠᠩ ᠤᠨ ᠬᠥᠳᠡᠯᠭᠡᠭᠡᠨ ᠵᠣᠭᠰᠤᠩᠬᠢᠷᠠᠵᠤ᠂ ᠣᠷᠳᠤᠰ ᠴᠢᠭᠤᠯᠭᠠᠨ | ᠳᠠᠬᠢ ᠥᠪᠦᠷ ᠮᠣᠩᠭᠤᠯ ᠤᠨ ᠠᠷᠠᠳ ᠤᠨ ᠬᠤᠪᠢᠰᠬᠠᠯᠲᠤ ᠨᠠᠮ ᠤᠨ ᠠᠵᠢᠯᠯᠠᠭ᠎ᠠ ᠳᠠᠷᠤᠩᠭᠤᠶᠢᠯᠠᠭᠳᠠᠨ ᠨᠠᠮ ᠤᠨ ᠠᠵᠢᠯᠯᠠᠭ᠎ᠠ ᠲᠦᠷ ᠵᠣᠭᠰᠤᠭᠰᠠᠨ ᠪᠠᠶᠢᠨ᠎ᠠ᠃ | ᠯᠤᠷᠤᠶᠢᠰᠠᠩᠪᠤ ᠭᠢᠨᠳᠠᠨ ᠠᠴᠠ ᠰᠤᠯᠠᠯᠠᠭᠳᠠᠭᠰᠠᠨ ᠤ ᠳᠠᠷᠠᠭ᠎ᠠ ᠳᠡᠭᠡᠷᠡᠬᠢ ᠶᠢᠨ ᠳᠠᠷᠤᠯᠲᠠ᠂ ᠳᠡᠷᠭᠡᠳᠡᠬᠢ ᠶᠢᠨ ᠬᠤᠤᠪᠢᠯᠳᠤᠯᠭ᠎ᠠ᠂ ᠭᠠᠳᠠᠭᠠᠳᠤ ᠳᠠᠬᠢ | ᠰᠦᠷᠳᠡᠭᠦᠯᠦᠯ᠂ ᠲᠤᠲᠤᠭᠠᠳᠤ ᠳᠠᠬᠢ ᠤᠷᠪᠠᠯᠲᠠ ᠵᠡᠷᠭᠡ ᠰᠢᠯᠲᠠᠭᠠᠨ ᠠᠴᠠ ᠭᠠᠳᠠᠨ᠎ᠠ ᠲᠤᠲᠤᠨ᠎ᠠ ᠬᠤᠯᠪᠤᠭ᠎ᠠ ᠰᠥᠯᠪᠡᠭᠡ ᠲᠠᠰᠤᠷᠠᠭᠰᠠᠨ ᠪᠠ ᠨᠠᠰᠤ ᠠᠬᠢᠭᠰᠠᠨ ᠪᠣᠯᠬᠤᠷ | ᠬᠠᠩᠭᠢᠨ ᠳᠠᠯᠠᠳ ᠬᠤᠶᠠᠷ ᠬᠤᠰᠢᠭᠤᠨ ᠤ ᠬᠠᠮᠲᠤ ᠶᠢᠨ ᠮᠡᠳᠡᠯ ᠳᠠᠬᠢ ᠳᠠᠯᠠᠳ ᠤᠨ ᠷᠠᠰᠢᠴᠤᠶᠢᠯᠠᠩ ᠭᠡᠮᠡᠬᠦ ᠬᠡᠶᠢᠳ ᠳᠡᠭᠡᠷ᠎ᠡ ᠬᠡᠪᠬᠦᠢ ᠪᠣᠯᠵᠤ ᠪᠠᠶᠢᠭᠠᠳ 1937 | ᠣᠨ ᠤ ᠬᠢᠵᠢᠭ ᠡᠪᠡᠳᠴᠢᠨ ᠳᠡᠯᠭᠡᠷᠡᠭᠰᠡᠨ ᠵᠢᠯ ᠬᠠᠶᠢᠷᠠᠲᠤ ᠠᠴᠢ ᠬᠥᠪᠡᠭᠦᠨ ᠦᠨ᠋ᠬᠠᠯᠪᠡᠷᠡᠯ ᠨᠢ ᠪᠠᠰᠠ ᠦᠭᠡᠢ ᠪᠣᠯᠬᠤ ᠳᠤ ᠰᠠᠨᠠᠭ᠎ᠠ ᠰᠡᠳᠬᠢᠯ ᠤᠨ ᠵᠣᠪᠠᠯᠠᠩ ᠢᠶᠠᠷ | ᠨᠠᠰᠤ ᠪᠠᠷᠠᠵᠠᠢ᠃ | ᠯᠤᠷᠤᠶᠢᠰᠠᠩᠪᠤ᠂ ᠲᠥᠷᠥᠯᠬᠢ ᠰᠡᠴᠡᠨ ᠰᠡᠷᠭᠦᠯᠡᠩ ᠤᠢ ᠪᠢᠯᠢᠭ ᠬᠤᠷᠴᠠ᠂ ᠠᠰᠪᠦᠷᠢ ᠴᠠᠶᠢᠯᠭᠠᠨ᠂ ᠵᠠᠩ ᠠᠭᠠᠰᠢ ᠡᠶᠡᠯᠳᠡᠭ ᠳᠠᠷᠤᠤ᠂ ᠴᠤᠭ ᠵᠢᠪᠭᠤᠭᠠ ᠲᠡᠭᠦᠯᠳᠡᠷ᠂ | ᠮᠠᠰᠢ ᠭᠦᠭ ᠱᠤᠭ ᠲᠠᠢ ᠬᠥᠮᠦᠨ ᠪᠠᠶᠢᠵᠤ ᠥᠲᠡᠭᠦᠰ ᠵᠠᠯᠠᠭᠤ ᠢᠯᠭᠠᠯ ᠦᠭᠡᠢ ᠵᠣᠭᠤᠭ ᠲᠠᠭᠠᠷᠠᠯᠴᠠᠨ ᠬᠦᠷᠨᠢᠯᠳᠤᠨ ᠶᠠᠪᠤᠯᠴᠠᠳᠠᠭ ᠪᠠᠶᠢᠵᠠᠢ᠃ ᠠᠮᠢᠳᠤᠷᠠᠯ ᠤᠨ | ᠳᠤᠮᠳᠠ ᠶᠠᠮᠠᠷ ᠨᠢᠭᠡᠨ ᠬᠠᠴᠢᠨ ᠰᠣᠨᠢᠨ ᠬᠡᠷᠡᠭ ᠤᠴᠢᠷ ᠲᠣᠬᠢᠶᠠᠯᠳᠤᠬᠤ ᠪᠦᠷᠢ ᠲᠡᠭᠦᠨ ᠤ ᠲᠤᠬᠠᠢ ᠤᠷᠤᠰᠤᠮ᠎ᠠ ᠰᠠᠶᠢᠬᠠᠨ ᠦᠭᠡ ᠬᠡᠯᠡᠯᠭᠡ ᠪᠠᠷ ᠤᠶᠠᠩᠭᠠᠲᠤ | ᠰᠠᠶᠢᠬᠠᠨ ᠰᠢᠯᠦᠭ ᠳᠠᠭᠤᠯᠠᠯ ᠵᠣᠬᠢᠶᠠᠵᠤ᠂ ᠰᠠᠶᠢᠨ ᠰᠠᠶᠢᠬᠠᠨ ᠢ ᠮᠠᠭᠳᠡᠨ ᠰᠢᠯᠦᠭᠯᠡᠵᠦ᠂ ᠮᠠᠭᠤ ᠮᠠᠭᠤᠬᠠᠢ ᠶᠢ ᠶᠤᠵᠤᠯᠠᠨ ᠱᠣᠭᠯᠠᠵᠤ᠂ ᠰᠡᠳᠬᠢᠯ ᠢᠶᠠᠨ ᠢᠯᠡᠳᠬᠡᠨ | ᠰᠠᠨᠠᠭ᠎ᠠ ᠪᠠᠨ ᠠᠭᠤᠳᠠᠯᠠᠵᠤ᠂ ᠣᠯᠠᠨ ᠤ ᠪᠠᠨ ᠬᠠᠮᠲᠤ ᠵᠣᠭᠤᠭ ᠬᠢᠳᠡᠭ ᠪᠠᠶᠢᠵᠠᠢ᠃ | ᠯᠣᠷᠣᠶᠢᠰᠠᠩᠪᠤ ᠶᠢᠨ ᠰᠢᠯᠦᠭ ᠨᠢ ᠮᠣᠩᠭᠤᠯ ᠦᠨᠳᠦᠰᠦᠲᠡᠨ ᠤ ᠰᠢᠯᠦᠭ ᠤᠨ ᠣᠨᠴᠠᠯᠢᠭ ᠢ ᠬᠠᠳᠠᠭᠠᠯᠠᠵᠤ᠂ ᠤᠷᠠᠯᠢᠭ ᠤᠨ ᠬᠡᠯᠪᠡᠷᠢ ᠪᠠᠷ ᠰᠤᠷᠭᠤᠭ ᠲᠣᠳᠣ᠂ | ᠳᠡᠭᠡᠳᠦ ᠦᠶ᠎ᠡ ᠶᠢᠨ ᠰᠤᠷᠭᠠᠯ ᠰᠢᠯᠦᠭ ᠤᠨ ᠥᠪ ᠤᠯᠠᠮᠵᠢᠯᠠᠯ ᠢ ᠰᠢᠩᠭᠡᠭᠡᠭᠰᠡᠨ᠂ ᠠᠷᠠᠳᠴᠢ ᠴᠢᠨᠠᠷ ᠲᠠᠢ ᠰᠢᠯᠦᠭ ᠤᠳ ᠪᠠᠶᠢᠭᠰᠠᠨ ᠲᠤᠯᠠ ᠲᠤᠬᠠᠢ ᠶᠢᠨ ᠦᠶ᠎ᠡ ᠶᠢᠨ | ᠣᠷᠳᠤᠰ ᠤᠨ ᠡᠯ᠎ᠡ ᠳᠠᠪᠬᠤᠷᠭᠠᠲᠠᠨ ᠤ ᠬᠥᠮᠦᠰ ᠤᠨ ᠬᠠᠯᠠᠭᠤᠨ ᠬᠦᠷᠢᠶᠡᠯᠡᠯ ᠢ ᠣᠯᠵᠤ ᠪᠠᠶᠢᠪᠠ᠃ ᠥᠪᠦᠷ ᠮᠣᠩᠭᠤᠯ ᠤᠨ ᠲᠡᠦᠬᠡᠴᠢ᠂ ᠡᠷᠳᠡᠮᠲᠡᠳ《 ᠤᠷᠠᠨ | ᠵᠣᠬᠢᠶᠠᠯ ᠤᠨ ᠬᠤᠪᠢ ᠳᠤ ᠲᠡᠦᠬᠡᠨ ᠳᠤ ᠠᠩᠬᠠᠳᠠᠭᠴᠢ ᠬᠤᠪᠢᠰᠬᠠᠯᠲᠤ ᠰᠢᠯᠦᠭ ᠪᠢᠴᠢᠭᠰᠡᠨ ᠬᠥᠮᠦᠨ 》 ᠭᠡᠵᠦ ᠦᠨᠡᠯᠡᠭᠰᠡᠨ ᠪᠠᠶᠢᠳᠠᠭ᠃ 19 ᠳ᠋ᠦ᠋ᠭᠡᠷ ᠵᠠᠭᠤᠨ ᠪᠠ | 20 ᠳ᠋ᠤᠭᠠᠷ ᠵᠠᠭᠤᠨ ᠤ ᠡᠬᠢᠨ ᠤ ᠦᠶ᠎ᠡ ᠶᠢᠨ ᠣᠷᠳᠤᠰ ᠤᠨ ᠰᠢᠯᠦᠭ ᠤᠨ ᠲᠤᠲᠤᠷ᠎ᠠ ᠯᠤᠷᠤᠶᠢᠰᠠᠩᠪᠤ ᠶᠢᠨ ᠰᠢᠯᠦᠭ ᠪᠣᠯ ᠵᠣᠬᠢᠬᠤ ᠪᠠᠶᠢᠷᠢ ᠰᠠᠭᠤᠷᠢ ᠶᠢ ᠡᠵᠡᠯᠡᠭᠰᠡᠨ | ᠪᠠᠶᠢᠳᠠᠭ᠃ | ᠯᠤᠷᠤᠶᠢᠰᠠᠩᠪᠤ ᠶᠢᠨ ᠰᠢᠯᠦᠭ ᠨᠢ ᠠᠭᠤᠯᠭ᠎ᠠ ᠪᠠᠷ ᠠᠷᠪᠢᠨ᠂ ᠬᠠᠭᠤᠳᠠᠰᠤ ᠪᠠᠷ ᠣᠯᠠᠨ ᠪᠠᠶᠢᠵᠠᠢ᠃ ᠬᠠᠷᠠᠮᠰᠠᠯᠲᠠᠢ ᠨᠢ ᠡᠲᠦᠭᠡ ᠨᠡᠶᠢᠭᠡᠮ ᠳᠡᠭᠡᠷ᠎ᠡ ᠡᠮᠬᠢᠳᠬᠡᠭᠳᠡᠨ | ᠲᠠᠷᠬᠠᠭᠠᠭᠳᠠᠵᠤ ᠪᠠᠶᠢᠭ᠎ᠠ ᠰᠢᠯᠦᠭ ᠤᠳ ᠨᠢ ᠵᠥᠪᠬᠡᠨ ᠠᠷᠪᠠᠭᠠᠳ ᠵᠣᠬᠢᠶᠠᠯ᠂ ᠵᠠᠭᠤ ᠭᠠᠷᠤᠢ ᠪᠠᠳᠠᠭ᠂ ᠳᠦᠷᠪᠡ ᠲᠠᠪᠤᠨ ᠵᠠᠭᠤᠨ ᠮᠥᠷ ᠤᠨ ᠲᠡᠳᠦᠢ ᠯᠡ ᠪᠣᠯᠵᠠᠢ᠃ | ᠲᠡᠭᠦᠨ ᠤ ᠰᠢᠯᠦᠭ ᠵᠣᠬᠢᠶᠠᠯ ᠤᠳ ᠤᠨ ᠲᠤᠲᠤᠷ᠎ᠠ ᠲᠥᠯᠦᠭᠡᠯᠡᠬᠦ ᠴᠢᠨᠠᠷ ᠲᠠᠢ ᠠᠯᠳᠠᠷᠲᠤ ᠰᠢᠯᠦᠭ ᠤᠳ ᠭᠡᠪᠡᠯ᠂ ᠢᠳᠡᠷ ᠨᠠᠰᠤᠨ ᠤ ᠦᠶ᠎ᠡ ᠶᠢᠨ《 | ᠯᠤᠷᠤᠶᠢᠰᠠᠩᠪᠤ ᠶᠢᠨ ᠰᠤᠷᠭᠠᠯ ᠰᠢᠯᠦᠭ 》 ︵38 ᠪᠠᠳᠠᠭ︶᠂ ᠪᠠᠷᠢᠪᠴᠢᠯᠠᠭᠳᠠᠵᠤ ᠪᠠᠶᠢᠭ᠎ᠠ ᠦᠶ᠎ᠡ ᠶᠢᠨ《 ᠭᠢᠨᠳᠠᠨ ᠤ ᠬᠠᠨ᠎ᠠ ᠶᠢᠨ ᠰᠢᠯᠦᠭ 》 ︵6 ᠪᠠᠳᠠᠭ︶᠂ | ᠵᠠᠯᠠᠭᠤ ᠶᠢᠨ ᠦᠶ᠎ᠡ ᠶᠢᠨ《 ᠵᠢᠨᠴᠢ ᠬᠡᠦᠬᠡᠨ 》 ︵3 ᠪᠠᠳᠠᠭ︶ ᠵᠡᠷᠭᠡ ᠪᠣᠯᠣᠨ᠎ᠠ᠃ | ᠠᠳᠡ ᠯᠣᠷᠣᠶᠢᠰᠠᠩᠪᠤ ᠶᠢᠨ ᠰᠢᠯᠦᠭ ᠤᠳ ᠠᠴᠠ ᠡᠰᠢ ᠲᠠᠲᠠᠪᠠᠯ ᠯᠣᠷᠣᠶᠢᠰᠠᠩᠪᠤ ᠶᠢᠨ ᠰᠤᠷᠭᠠᠯ ᠰᠢᠯᠦᠭ ᠲᠤ᠄ | ᠢᠳᠡᠷ ᠪᠠᠭ᠎ᠠ ᠨᠠᠰᠤᠨ ᠳᠡᠭᠡᠷ᠎ᠡ ᠡᠷᠳᠡᠮ ᠨᠣᠮ ᠰᠤᠷᠪᠠᠯ | ᠡᠨᠡ ᠬᠤᠶᠢᠳᠤ ᠶᠢᠨ ᠦᠢᠯᠡᠰ ᠲᠤ ᠲᠤᠰᠠ ᠨᠡᠮᠡᠷᠢ ᠪᠣᠯᠣᠮᠣᠢ | ᠡᠭᠡᠨᠡᠭᠲᠡ ᠰᠤᠷᠲᠠᠯ ᠦᠭᠡᠢ ᠨᠢᠭᠡᠨ ᠨᠠᠰᠤ ᠶᠢ ᠪᠠᠷᠠᠭᠴᠢᠳ | ᠡᠷᠡᠮᠰᠢᠬᠦ ᠶᠢᠨ ᠶᠡᠭᠡ ᠤᠯᠤᠰ ᠠᠶᠠᠨᠳᠠᠭᠠᠨ ᠲᠦᠷᠥᠮᠤᠢ | ᠡᠷᠳᠡᠮᠲᠠᠨ ᠪᠠ ᠣᠶᠣᠨᠲᠠᠨ ᠤ ᠶᠠᠩᠵᠤ ᠪᠠᠶᠢᠳᠠᠯ ᠰᠢᠨᠵᠢ ᠶᠢ | ᠡᠯᠢᠭᠡᠰᠡᠭ ᠪᠦᠭᠡᠳ ᠬᠥᠩᠭᠡᠮᠰᠦᠭᠯᠡᠨ ᠠᠪᠤᠷᠢᠯᠠᠬᠤ ᠭᠠᠶᠢᠬᠠᠯᠲᠠᠢ | ᠡᠷᠳᠡᠮ ᠦᠭᠡᠢ ᠡᠭᠡᠯ ᠤᠳ ᠤᠨ ᠬᠢᠬᠦᠯᠴᠡᠬᠦ ᠶᠢ ᠦᠵᠡᠪᠡᠯ | ᠡᠮᠨᠢᠭ ᠦᠬᠡᠷ ᠡᠪᠡᠷ ᠢᠶᠠᠨ ᠰᠡᠵᠢᠬᠦ ᠯᠦᠭᠡ ᠠᠳᠠᠯᠢ᠃ | … …ᠮᠡᠲᠦ ᠶᠢᠨ ᠰᠤᠷᠭᠠᠯ ᠰᠢᠯᠦᠭ᠃ | ᠪᠠᠶᠠᠷ ᠴᠡᠩᠬᠡᠯ ᠦᠷᠭᠦᠯᠵᠢᠳᠡ ᠦᠷᠨᠢᠨ ᠪᠠᠳᠠᠷᠠ | ᠪᠠᠰᠠ ᠮᠠᠨ ᠤ ᠨᠠᠮ ᠤᠨ ᠶᠤᠰᠤ ᠤᠯᠠᠮ ᠪᠠᠳᠠᠷᠠ | ᠪᠠᠷᠢᠭᠳᠠᠭᠰᠠᠨ ᠪᠢᠳᠠ ᠨᠠᠷ ᠤᠨ ᠨᠡᠷ᠎ᠡ ᠪᠠᠳᠠᠷᠠ | ᠪᠠᠶᠠᠳ ᠨᠣᠶᠠᠳ ᠨᠠᠷ ᠤᠨ ᠬᠦᠰᠡᠯ ᠨᠢ ᠬᠠᠨᠤᠭᠲᠤᠨ᠃ | ᠪᠠᠷᠰ ᠵᠢᠯ ᠤᠨ ᠪᠠᠶᠠᠷ ᠬᠥᠭᠵᠢᠮ ᠤᠯᠠᠮ ᠪᠠᠳᠠᠷᠠ | ᠪᠠᠭᠤᠷᠠᠭᠰᠠᠨ ᠬᠥᠭᠰᠢᠳ ᠤᠨ ᠵᠣᠷᠢᠭ ᠪᠠᠳᠠᠷᠠ | ᠪᠠᠭ᠎ᠠ ᠪᠠᠭ᠎ᠠ ᠵᠠᠯᠠᠭᠤᠴᠤᠳ ᠤᠨ ᠬᠡᠶᠢᠮᠤᠷᠢ ᠪᠠᠳᠠᠷᠠ | ᠪᠠᠰᠠ ᠭᠠᠩᠭᠠᠩ ᠪᠦᠰᠡᠭᠦᠶᠢᠴᠦᠳ ᠤᠨ ᠭᠦᠰᠡᠯ ᠪᠠᠳᠠᠷᠠ᠃ | … …ᠮᠡᠲᠦ ᠶᠢᠨ ᠭᠢᠨᠳᠠᠨ ᠤ ᠬᠠᠨ᠎ᠠ ᠶᠢᠨ ᠰᠢᠯᠦᠭ ᠤᠳ ᠣᠯᠳᠠᠭᠠᠳ ᠪᠠᠶᠢᠭ᠎ᠠ ᠶᠢ ᠠᠳᠡ ᠲᠡᠮᠲᠡᠭᠯᠡᠪᠡ᠃ | ①ᠯᠣᠷᠤᠶᠢᠰᠠᠩᠪᠤ ᠶᠢᠨ ᠨᠠᠰᠤ ᠵᠢᠯ ᠤᠨ ᠲᠤᠬᠠᠢ ᠯᠤᠷᠤᠶᠢᠰᠠᠩᠪᠤ ᠶᠢᠨ ᠠᠬ᠎ᠠ ᠫᠤᠩᠰᠤᠭᠷᠢᠨᠴᠢᠨ ᠤ ᠠᠴᠢ ᠪᠣᠷᠵᠢᠭᠢᠨ ᠰᠡᠩᠭᠡ ᠶᠢᠨ ᠡᠵᠢ ᠡᠩᠬᠡᠨᠯᠪᠡᠭ 1982 | ᠣᠨ ᠤ ᠦᠶ᠎ᠡ ᠳᠤ ᠬᠡᠯᠡᠬᠦ ᠪᠠᠷ ᠬᠠᠩᠭᠢᠨ ᠬᠤᠰᠢᠭᠤᠨ ᠳᠤ ᠬᠢᠵᠢᠭ ᠳᠡᠯᠭᠡᠷᠡᠭᠰᠡᠨ ᠲᠡᠷᠡ ᠵᠢᠯ ᠲᠠᠪᠢᠨ ᠵᠢᠷᠭᠤᠭᠠᠨ ᠨᠠᠰᠤᠨ ᠲᠠᠢ ᠳᠠᠭᠠᠨ ᠨᠠᠰᠤ ᠪᠠᠷᠠᠭᠰᠠᠨ ᠭᠡᠨ᠎ᠡ᠃ | ᠡᠭᠦᠨ ᠠᠴᠠ ᠦᠵᠡᠪᠡᠯ ᠯᠤᠷᠤᠶᠢᠰᠠᠩᠪᠤ 1882 ᠣᠨ ᠠᠴᠠ 1938 ᠣᠨ ᠤ ᠬᠤᠭᠤᠷᠣᠨᠲᠦ ᠶᠢᠨ ᠬᠥᠮᠦᠨ ᠪᠠᠶᠢᠬᠤ ᠮᠠᠶ᠋ᠢᠭᠲᠠᠢ᠃ ᠣᠯᠠᠩᠭᠢ ᠲᠡᠦᠬᠡᠨ ᠮᠠᠲ᠋ᠧᠷᠢᠶᠠᠯ | ᠳᠡᠭᠡᠷ᠎ᠡ ᠯᠣᠷᠤᠶᠢᠰᠠᠩᠪᠤ ᠶᠢ 1873 ᠣᠨ ᠠᠴᠠ 1937 ᠣᠨ ᠤ ᠬᠤᠭᠤᠷᠣᠨᠳᠦᠬᠢ ᠬᠥᠮᠦᠨ ᠭᠡᠵᠦ ᠲᠡᠮᠲᠡᠭᠯᠡᠵᠦ ᠪᠤᠢ᠃ |