| ᠣᠶᠤᠨᠲᠣᠳᠢ ︵1898—1967 ᠣᠨ︶ ᠮᠣᠩᠭᠤᠯ ᠦᠨᠳᠦᠰᠦᠲᠡᠨ᠂ ᠤᠭ ᠨᠤᠲᠤᠭ ᠵᠡᠭᠦᠨᠭᠠᠷ ᠬᠤᠰᠢᠭᠤ᠂᠂ ᠶᠡᠭᠡ ᠵᠤᠤ ᠶᠢᠨ ᠴᠢᠭᠤᠯᠭᠠᠨ ᠤ ᠬᠠᠩᠭᠢᠨ | ᠬᠤᠰᠢᠭᠤᠨ ᠤ ᠭᠡᠭᠡᠨ ᠳᠣᠬᠤᠢ ᠳᠤ ᠥᠰᠴᠡᠢ᠃ | 1913 ᠣᠨ ᠳᠤ᠂ ᠬᠠᠩᠭᠢᠨ ᠬᠤᠰᠢᠭᠤᠨ ᠤ ᠭᠡᠭᠡᠨ ᠳᠣᠬᠤᠢ ᠳᠤ ᠣᠷᠳᠣᠰ ᠠᠷᠠᠳ ᠤᠨ ᠳᠤᠭᠤᠶᠢᠯᠠᠩ ᠤᠨ ᠬᠥᠳᠡᠯᠭᠡᠭᠡᠨ ᠤ ᠠᠯᠳᠠᠷᠲᠤ ᠤᠳᠤᠷᠢᠳᠤᠭᠴᠢ᠂ | ᠵᠠᠰᠠᠭ ᠬᠤᠰᠢᠭᠤᠨ ᠤ ᠯᠠᠮᠠ ᠶᠢᠨ ᠰᠦᠮ᠎ᠡ ᠶᠢᠨ ᠪᠠᠨᠳᠢᠳᠠ ᠭᠡᠭᠡᠨ ᠸᠠᠩᠳᠠᠨᠨᠢᠮ᠎ᠠ ᠲᠠᠢ᠂ ᠰᠠᠶᠢᠨ ᠳᠤᠷ᠎ᠠ ᠶᠢᠨ ᠤᠷᠤᠭ ᠪᠠᠷᠢᠯᠳᠤᠵᠤ ᠭᠡᠷ ᠪᠥᠯᠢ ᠪᠣᠯᠪᠠ᠃ ᠸᠠᠩᠳᠠᠨᠨᠢᠮ᠎ᠠ | ᠣᠶᠤᠨᠲᠣᠳᠢ ᠭᠡᠷ ᠪᠥᠯᠢ ᠪᠣᠯᠣᠭᠰᠠᠨ ᠢᠶᠠᠨ ᠳᠤᠷᠠᠰᠬᠠᠵᠤ᠂ ᠬᠤᠵᠢᠮ ᠤᠨ ᠰᠠᠶᠢᠨ ᠰᠠᠶᠢᠬᠠᠨ ᠠᠮᠢᠳᠤᠷᠠᠯ ᠢᠶᠠᠨ ᠪᠡᠯᠭᠡᠳᠡᠬᠦ ᠶᠢᠨ ᠲᠥᠯᠦᠭᠡ ᠨᠢᠭᠡᠨ ᠳᠤᠷᠠᠰᠬᠠᠯ ᠤᠨ | ᠣᠪᠣᠭ᠎ᠠ ᠪᠣᠰᠬᠠᠵᠤ《 ᠵᠢᠷᠭᠠᠯᠠᠩ ᠤᠨ ᠣᠪᠣᠭ᠎ᠠ 》 ᠭᠡᠵᠦ ᠨᠡᠷᠡᠯᠡᠭᠰᠡᠨ ᠪᠠᠶᠢᠨ᠎ᠠ᠃ ᠲᠡᠳᠡᠨ ᠤ ᠬᠤᠷᠢᠮᠯᠠᠭᠰᠠᠨ ᠤ ᠳᠠᠷᠠᠭᠠᠬᠢ ᠭᠤᠷᠪᠠᠳᠤᠭᠠᠷ ᠡᠳᠦᠷ ᠸᠠᠩᠳᠠᠨᠨᠢᠮ᠎ᠠ᠂ | ᠨᠢᠩᠰᠢᠶᠠ ᠶᠢᠨ ᠪᠦᠭᠦᠳᠡ ᠶᠢ ᠵᠠᠬᠢᠷᠤᠭᠴᠢ ᠮᠠ ᠹᠦ᠋ ᠰᠢᠶᠠᠩ ᠳᠤ ᠬᠠᠭᠤᠷᠳᠠᠨ ᠪᠠᠷᠢᠪᠴᠢᠯᠠᠭᠳᠠᠪᠠ᠃ ᠸᠠᠩᠳᠠᠨᠨᠢᠮ᠎ᠠ ᠶᠢᠨ ᠪᠡᠭᠡᠵᠢᠩ ᠳᠤ ᠪᠠᠶᠢᠬᠤ ᠳᠤ ᠣᠶᠤᠨᠲᠣᠳᠢ | ᠲᠡᠭᠦᠨ ᠤ ᠬᠤᠶᠢᠨ᠎ᠠ ᠠᠴᠠ ᠣᠴᠢᠵᠤ᠂ ᠬᠤᠪᠢᠰᠬᠠᠯ ᠤᠨ ᠲᠤᠬᠠᠢ ᠨᠡᠩ ᠭᠦᠨ ᠭᠦᠨᠵᠡᠭᠡᠢ ᠣᠶᠢᠯᠭᠠᠵᠤ ᠮᠡᠳᠡᠭᠰᠡᠨ ᠪᠠᠶᠢᠨ᠎ᠠ᠃ 1925 ᠣᠨ ᠳᠤ᠂ ᠸᠠᠩᠳᠠᠨᠨᠢᠮ᠎ᠠ | ᠪᠡᠭᠡᠵᠢᠩ ᠠᠴᠠ ᠭᠠᠭᠴᠠ ᠪᠠᠷ ᠭᠠᠷᠴᠤ ᠢᠷᠡᠭᠰᠡᠨ ᠤ ᠬᠤᠶᠢᠨ᠎ᠠ᠂ ᠬᠠᠷᠠᠭᠤᠯ ᠤᠨ ᠴᠡᠷᠢᠭ ᠲᠡᠭᠦᠨ ᠤ ᠡᠬᠡᠨᠡᠷ ᠬᠡᠦᠬᠡᠳ ᠢ ᠴᠢᠩᠭ᠎ᠠ ᠪᠠᠷ ᠰᠠᠬᠢᠵᠤ ᠣᠭᠲᠣ ᠰᠠᠯᠬᠤ | ᠦᠭᠡᠢ ᠪᠣᠯᠵᠠᠢ᠃ ᠸᠠᠩᠳᠠᠨᠨᠢᠮ᠎ᠠ ᠱᠠᠪᠢ ᠨᠠᠷ ᠢᠶᠠᠨ ᠵᠠᠷᠤᠵᠤ ᠭᠡᠷ ᠤᠨ ᠲᠤᠲᠤᠷᠠᠬᠢ ᠪᠠᠭ᠎ᠠ ᠰᠠᠭ᠎ᠠ ᠡᠳ᠋ᠯᠡᠯ ᠬᠡᠷᠡᠭᠰᠡᠯ ᠢᠶᠠᠨ ᠨᠢᠭᠤᠴᠠ ᠪᠠᠷ ᠨᠡᠭᠦᠯᠭᠡᠨ ᠠᠪᠴᠢᠷᠠᠭᠠᠳ᠂ | ᠬᠠᠷᠠᠭᠤᠯ ᠤᠨ ᠴᠡᠷᠢᠭ ᠲᠤ ᠵᠠᠬᠢᠳᠠᠯ ᠢᠯᠡᠭᠡᠨ《 ᠪᠢ ᠠᠳᠡ ᠪᠤᠰᠤᠳ ᠤᠨ ᠭᠠᠷ ᠲᠤ ᠣᠷᠣᠪᠠ᠂ ᠴᠢ ᠢᠷᠡᠭᠡᠳ ᠪᠡᠶ᠎ᠡ ᠪᠠᠷ ᠢᠶᠠᠨ ᠨᠠᠳᠠ ᠶᠢ ᠠᠪᠠᠴᠢᠪᠠᠯ ᠰᠠᠶᠢᠨ 》 | ᠭᠡᠮᠡᠭᠰᠡᠨ ᠳᠤ ᠲᠡᠷᠡ ᠬᠠᠷᠠᠭᠤᠯ ᠤᠨ ᠴᠡᠷᠢᠭ ᠦᠭᠡ ᠣᠯᠣᠮᠠᠭᠴᠠ ᠴᠢᠭᠤᠯᠤᠯᠲᠤ ᠬᠠᠭᠠᠯᠭ᠎ᠠ ᠵᠦᠭ ᠶᠠᠪᠤᠪᠠ᠃ ᠡᠨᠡ ᠳᠠᠰᠢᠷᠠᠮ ᠳᠤ᠂ ᠸᠠᠩᠳᠠᠨᠨᠢᠮ᠎ᠠ ᠶᠢᠨ ᠱᠠᠪᠢ ᠨᠠᠷ | ᠸᠠᠩᠳᠠᠨᠨᠢᠮ᠎ᠠ ᠶᠢᠨ ᠡᠬᠡᠨᠡᠷ ᠬᠡᠦᠬᠡᠳ ᠢ ᠴᠢᠭᠤᠯᠤᠯᠲᠤ ᠬᠠᠭᠠᠯᠭ᠎ᠠ ᠳᠤ ᠨᠡᠭᠦᠯᠭᠡᠨ ᠠᠪᠴᠢᠷᠠᠵᠠᠢ᠃ 1926 ᠣᠨ ᠤ ᠨᠠᠮᠤᠷ᠂ ᠸᠠᠩᠳᠠᠨᠨᠢᠮ᠎ᠠ ᠬᠤᠣᠷᠯᠠᠭᠳᠠᠭᠰᠠᠨ ᠤ | ᠳᠠᠷᠠᠭ᠎ᠠ᠂ ᠣᠶᠤᠨᠲᠣᠳᠢ ᠲᠣᠲᠣᠭᠠᠳᠤ ᠮᠣᠩᠭᠤᠯ ᠤᠨ ᠠᠷᠠᠳ ᠤᠨ ᠬᠤᠪᠢᠰᠬᠠᠯᠲᠤ ᠴᠡᠷᠢᠭ ᠤᠨ ᠳᠡᠳ᠋ ᠰᠧᠯᠢᠩ ᠤᠨ ᠲᠤᠰᠢᠶᠠᠯ ᠢ ᠡᠭᠦᠷᠭᠡᠯᠡᠵᠡᠢ᠃ ᠲᠤᠰ ᠵᠢᠯ | ᠣᠶᠤᠨᠲᠣᠳᠢ ᠦᠦᠰᠢᠨ ᠬᠤᠰᠢᠭᠤᠨ ᠳᠤ ᠢᠷᠡᠭᠡᠳ᠂ ᠲᠤᠲᠤᠭᠠᠳᠤ ᠮᠣᠩᠭᠤᠯ ᠤᠨ ᠠᠷᠠᠳ ᠤᠨ ᠬᠤᠪᠢᠰᠬᠠᠯᠲᠤ ᠨᠠᠮ ᠤᠨ ᠠᠵᠢᠯᠯᠠᠭ᠎ᠠ ᠶᠢ ᠦᠷᠨᠢᠭᠦᠯᠵᠦ᠂ ᠦᠦᠰᠢᠨ | ᠬᠤᠰᠢᠭᠤᠨ ᠤ ᠪᠦᠰᠡᠭᠦᠶᠢᠴᠦᠳ ᠤᠨ ᠡᠭᠦᠷ ᠤᠨ ᠳᠠᠷᠤᠭ᠎ᠠ ᠶᠢ ᠬᠠᠪᠰᠤᠷᠭᠠᠨ ᠡᠭᠦᠷᠭᠡᠯᠡᠵᠦ᠂ ᠡᠮᠡᠭᠲᠡᠶᠢᠴᠦᠳ ᠤᠨ ᠠᠵᠢᠯ ᠢ ᠳᠠᠶᠢᠴᠢᠯᠠᠨ ᠦᠷᠨᠢᠭᠦᠯᠪᠡ᠃ ᠲᠤᠬᠠᠢ ᠶᠢᠨ | ᠦᠶ᠎ᠡ ᠳᠤ᠂ ᠦᠦᠰᠢᠨ ᠤ ᠠᠷᠠᠳ ᠤᠨ ᠳᠤᠮᠳᠠ᠂《 ᠡᠮ᠎ᠡ ᠰᠧᠯᠢᠩ ᠨᠣᠶᠠᠨ ᠲᠠᠢ᠂ ᠡᠯᠵᠢᠭᠡᠨ ᠰᠠᠭᠠᠷᠠᠯ ᠬᠤᠪᠴᠠᠰᠤ ᠲᠠᠢ᠂ ᠡᠷᠳᠡᠮ ᠪᠢᠴᠢᠭ ᠲᠤ ᠨᠡᠪᠲᠡᠷᠡᠭᠰᠡᠨ᠂ | ᠡᠪ ᠬᠠᠮᠲᠤ ᠶᠢᠨ ᠰᠤᠷᠲᠠᠯᠲᠠᠨ 》 ᠭᠡᠰᠡᠨ ᠠᠮᠠᠨ ᠰᠢᠯᠦᠭ ᠳᠡᠯᠭᠡᠷᠡᠵᠦ ᠪᠠᠶᠢᠵᠠᠢ᠃ 1928 ᠣᠨ ᠳᠤ᠂ ᠣᠶᠤᠨᠲᠣᠳᠢ ᠰᠠᠶᠢᠨᠪᠠᠶᠠᠷ ᠨᠠᠷ ᠢ ᠳᠠᠭᠠᠵᠤ | ᠭᠠᠯᠠᠭᠤᠲᠤ ᠠᠴᠠ ᠪᠠᠷᠠᠭᠤᠨᠰᠢ ᠬᠥᠳᠡᠯᠵᠦ ᠶᠠᠪᠤᠭᠠᠳ ᠱᠠᠷᠯᠢᠭ ᠤᠨ ᠰᠦᠮ᠎ᠡ ᠪᠠᠷ ᠥᠩᠭᠡᠷᠡᠬᠦ ᠳᠤ᠂ ᠱᠠᠷᠯᠢᠭ ᠤᠨ ᠪᠦᠰᠡᠭᠦᠶᠢᠴᠦᠳ ᠤᠨ ᠡᠭᠦᠷ ᠤᠨ ᠡᠮᠡᠭᠲᠡᠢ ᠭᠡᠰᠢᠭᠦᠨ | ᠷᠤᠶᠧᠬᠤᠸᠠᠷ ᠵᠡᠷᠭᠡ ᠬᠡᠳᠦᠨ ᠡᠮᠡᠭᠲᠡᠶᠢᠴᠦᠳ ᠠᠴᠠ ᠣᠶᠤᠨᠲᠣᠳᠢ ᠰᠧᠯᠢᠩ ᠳᠤ ᠵᠡᠰ ᠰᠠᠭᠤᠯᠠᠭ᠎ᠠ ᠲᠠᠢ ᠴᠠᠭᠠᠨ ᠢᠳᠡᠭᠡ ᠪᠠᠷᠢᠵᠤ ᠥᠲᠡᠯᠭᠡ ᠬᠢᠬᠦ ᠳᠤ᠂ ᠣᠶᠤᠨᠲᠣᠳᠢ | ᠲᠡᠳᠡᠨ ᠳᠤ᠄《 ᠮᠠᠨ ᠤ ᠡᠮᠡᠭᠲᠡᠶᠢᠴᠦᠳ ᠪᠣᠯ ᠣᠳᠣ ᠡᠷᠡᠭᠲᠡᠶᠢᠴᠦᠳ ᠲᠠᠢ ᠳᠠᠩ ᠰᠠᠴᠠᠭᠤ ᠡᠷᠬᠡ ᠲᠠᠢ ᠶᠤᠮ᠂ ᠡᠮᠡᠭᠲᠡᠢ ᠬᠥᠮᠦᠨ ᠪᠠᠰᠠ ᠪᠢᠴᠢᠭ ᠰᠤᠷᠴᠤ ᠪᠣᠯᠣᠨ᠎ᠠ | 》 ᠭᠡᠵᠦ ᠰᠠᠨᠠᠭᠤᠯᠤᠨ ᠬᠡᠯᠡᠵᠦ ᠪᠠᠶᠢᠯ᠎ᠠ᠃ ᠣᠶᠤᠨᠲᠣᠳᠢ ᠰᠠᠶᠢᠨᠪᠠᠶᠠᠷ ᠤᠨ ᠬᠠᠮᠲᠤ ᠦᠦᠰᠢᠨ ᠬᠤᠰᠢᠭᠤᠨ ᠠᠴᠠ ᠶᠠᠪᠤᠬᠤ ᠦᠶ᠎ᠡ ᠳᠤ᠂ ᠰᠢᠨᠡᠯᠠᠮ᠎ᠠ ᠴᠡᠷᠢᠭ | ᠲᠣᠮᠢᠯᠠᠨ ᠣᠲᠤᠭ ᠬᠤᠰᠢᠭᠤᠨ ᠤ ᠰᠢᠪᠠᠷ ᠤᠨ ᠡᠯᠡᠰᠦ ᠬᠦᠷᠲᠡᠯ᠎ᠡ ᠳᠠᠭᠠᠵᠤ ᠣᠶᠤᠨᠲᠣᠳᠢ ᠰᠧᠯᠢᠩ ᠢ ᠨᠡᠷᠡᠴᠢᠯᠡᠨ ᠳᠠᠭᠤᠳᠠᠨ ᠬᠠᠰᠬᠢᠷᠴᠤ ᠬᠤᠴᠤᠷᠤᠭᠠᠵᠤ | ᠥᠯᠡᠳᠡᠭᠡᠬᠦ ᠪᠠᠷ ᠴᠢᠷᠮᠠᠶᠢᠭᠰᠠᠨ ᠪᠣᠯᠪᠠᠴᠤ ᠲᠡᠷᠡ ᠰᠠᠶᠢᠨᠪᠠᠶᠠᠷ ᠤᠨ ᠬᠢᠵᠠᠭᠠᠷᠯᠠᠯ ᠳᠤ ᠣᠷᠣᠭᠠᠳ ᠪᠠᠶᠢᠭᠰᠠᠨ ᠲᠤᠯᠠ ᠰᠠᠯᠵᠤ ᠴᠢᠳᠠᠭᠰᠠᠨ ᠦᠭᠡᠢ ᠶᠠᠪᠤᠪᠠ᠃ | ᠢᠷᠭᠠᠢ ᠳᠤ ᠣᠴᠢᠭᠰᠠᠨ ᠤ ᠳᠠᠷᠠᠭ᠎ᠠ᠂ ᠰᠠᠶᠢᠨᠪᠠᠶᠠᠷ ᠨᠠᠷ ᠭᠤᠮᠢᠨᠳᠠᠩ ᠳᠤ ᠳᠦᠰᠢᠭᠯᠡᠨ ᠤᠷᠪᠠᠭᠰᠠᠨ ᠢ ᠦᠵᠡᠵᠦ ᠭᠠᠷᠤᠭᠠᠳ ᠣᠶᠤᠨᠲᠣᠳᠢ ᠬᠠᠲᠠᠭᠤ ᠵᠣᠷᠢᠭ ᠢ | ᠪᠠᠷᠢᠵᠤ᠂ ᠸᠠᠩᠳᠠᠨᠨᠢᠮ᠎ᠠ ᠶᠢᠨ ᠬᠤᠪᠢᠰᠬᠠᠯᠲᠤ ᠵᠣᠷᠢᠯᠲᠠ ᠶᠢ ᠵᠢᠷᠤᠮᠯᠠᠨ᠂ ᠲᠣᠲᠣᠭᠠᠳᠤ ᠮᠣᠩᠭᠤᠯ ᠤᠨ ᠠᠷᠠᠳ ᠤᠨ ᠬᠤᠪᠢᠰᠬᠠᠯᠲᠤ ᠨᠠᠮ ᠤᠨ ᠰᠠᠬᠢᠯᠭ᠎ᠠ ᠪᠠᠲᠤ ᠶᠢᠨ | ᠳᠦᠷᠢᠮ ᠢ ᠬᠢᠴᠢᠶᠡᠨ ᠬᠠᠳᠠᠭᠠᠯᠠᠵᠤ᠂ 3 ᠨᠠᠰᠤᠲᠠᠢ ᠬᠥᠪᠡᠭᠦᠨ ᠬᠤᠣᠰᠪᠠᠶᠠᠷ ᠵᠡᠷᠭᠡ ᠴᠥᠭᠡᠨ ᠬᠡᠳᠦᠨ ᠬᠥᠮᠦᠨ ᠲᠠᠢ ᠬᠠᠮᠲᠤ ᠲᠡᠮᠡᠭᠡ ᠤᠨᠤᠨ ᠠᠶᠠᠯᠠᠵᠤ | ᠤᠯᠠᠭᠠᠨᠪᠠᠭᠠᠲᠤᠷ ᠲᠤ ᠬᠦᠷᠴᠡᠢ᠃ ᠮᠣᠩᠭᠤᠯ ᠠᠷᠠᠳ ᠤᠯᠤᠰ ᠤᠨ ᠬᠤᠪᠢᠰᠬᠠᠯᠲᠤ ᠨᠠᠮ ᠠᠴᠠ ᠲᠡᠭᠦᠨ ᠢ《 ᠴᠢᠩ ᠵᠣᠷᠢᠭᠲᠤ ᠪᠠᠭᠠᠲᠤᠷ 》 ᠭᠡᠵᠦ ᠴᠣᠯᠠ ᠣᠯᠭᠤᠨ | ᠭᠠᠪᠢᠶᠠᠲᠠᠨ ᠢᠶᠠᠷ ᠬᠦᠨᠳᠦᠳᠬᠡᠨ ᠬᠠᠷᠠᠭᠠᠯᠵᠠᠵᠤ᠂ ᠤᠭ ᠤᠨ ᠰᠧᠯᠢᠩ ᠤᠨ ᠴᠠᠯᠢᠩ ᠢ ᠳᠠᠪᠬᠤᠷ ᠬᠤᠪᠢ ᠨᠡᠮᠡᠵᠦ ᠣᠯᠭᠤᠨ ᠰᠠᠭᠤᠯᠭᠠᠪᠠ᠃ | ᠣᠶᠤᠨᠲᠣᠳᠢ᠂ ᠬᠤᠣᠰᠪᠠᠶᠠᠷ ᠤᠨ ᠳᠦᠷᠪᠡᠨ ᠬᠡᠦᠬᠡᠳ ᠢ ᠥᠰᠬᠡᠨ ᠬᠥᠮᠦᠵᠢᠭᠦᠯᠵᠦ ᠣᠶᠣᠲᠠᠨ ᠪᠣᠯᠭᠠᠭᠠᠳ 1967 ᠣᠨ ᠳᠤ 70 ᠨᠠᠰᠤᠲᠠᠢ ᠳᠠᠭᠠᠨ | ᠤᠯᠠᠭᠠᠨᠪᠠᠭᠠᠲᠤᠷ ᠬᠤᠲᠠᠨ᠎ᠠ ᠡᠪᠡᠳᠴᠢᠨ ᠢᠶᠠᠷ ᠨᠠᠰᠤ ᠪᠠᠷᠠᠪᠠ᠃ |