| | ᠴᠠᠭᠠᠨᠪᠣᠯᠣᠳ ︵1868 ᠣᠨ—1923 ᠣᠨ︶᠂ ᠮᠣᠩᠭᠤᠯ ᠦᠨᠳᠦᠰᠦᠲᠡᠨ᠂ ᠶᠡᠭᠡ ᠵᠤᠤ ᠶᠢᠨ ᠴᠢᠭᠤᠯᠭᠠᠨ ᠤ ᠬᠠᠩᠭᠢᠨ ᠬᠤᠰᠢᠭᠤᠨ ᠤ ᠭᠡᠭᠡᠨ ᠳᠣᠬᠤᠢ | ︵ᠤᠤᠯ ᠤᠨ ᠭᠡᠭᠡᠨᠵᠤᠤ ᠰᠤᠮᠤ︶ ᠳᠤ ᠲᠥᠷᠥᠵᠦ ᠥᠰᠪᠡ᠃ ᠲᠡᠷᠡ ᠶᠡᠷᠦ ᠶᠢᠨ ᠮᠠᠯᠴᠢᠨ ᠬᠥᠮᠦᠨ ᠪᠠᠶᠢᠭᠰᠠᠨ ᠢᠶᠠᠨ ᠪᠢᠴᠢᠭ ᠡᠷᠳᠡᠮ ᠰᠤᠷᠤᠯᠴᠠᠬᠤ ᠳᠤᠷ᠎ᠠ ᠪᠠᠬ᠎ᠠ | ᠲᠠᠢ ᠰᠡᠴᠡᠨ ᠰᠡᠷᠭᠦᠯᠡᠩ ᠬᠥᠮᠦᠨ ᠪᠠᠶᠢᠭᠰᠠᠨ ᠪᠣᠯᠬᠤᠷ ᠬᠤᠰᠢᠭᠤ ᠶᠠᠮᠤᠨ ᠤ ᠪᠢᠴᠢᠭᠡᠴᠢ ᠪᠣᠯᠵᠤ᠂ ᠰᠡᠭᠦᠯᠡᠷ ᠨᠢ ᠵᠡᠯᠡᠨ ᠵᠠᠩᠭᠢ ᠪᠣᠯᠵᠠᠢ᠃ ᠡᠶᠢᠮᠦ ᠠᠴᠠ ᠬᠦᠮᠦᠰ | ᠲᠡᠭᠦᠨ ᠢ《 ᠪᠣᠯᠣᠳ ᠵᠠᠩᠭᠢ 》 ᠭᠡᠵᠦ ᠬᠦᠨᠳᠦᠳᠬᠡᠨ ᠳᠠᠭᠤᠳᠠᠳᠠᠭ᠃ ᠴᠠᠭᠠᠨᠪᠤᠯᠤᠳ ᠠᠨᠳᠠ ᠨᠥᠬᠦᠳ ᠲᠡᠭᠡᠨ ᠡᠶᠡᠯᠳᠡᠭ ᠲᠤᠲᠤᠨᠤ᠂ ᠬᠠᠷᠬᠢᠰ ᠵᠠᠯᠢᠬᠠᠢ ᠶᠢ | ᠦᠵᠡᠵᠦ ᠴᠢᠳᠠᠬᠤ ᠦᠭᠡᠢ ᠰᠢᠯᠤᠭᠤᠨ ᠰᠢᠳᠤᠷᠭᠤ ᠬᠥᠮᠦᠨ ᠪᠠᠶᠢᠭᠰᠠᠨ ᠲᠤᠯᠠ ᠵᠡᠯᠡᠨ ᠵᠠᠩᠭᠢ ᠶᠢᠨ ᠲᠤᠰᠢᠶᠠᠯ ᠳᠤ ᠭᠠᠷᠤᠭᠰᠠᠨ ᠤ ᠳᠠᠷᠠᠭ᠎ᠠ᠂ ᠣᠯᠠᠩᠬᠢ ᠶᠠᠪᠤᠳᠠᠯ ᠳᠤ | ᠠᠷᠠᠳ ᠣᠯᠠᠨ ᠤ ᠲᠠᠯ᠎ᠠ ᠳᠤ ᠵᠣᠭᠰᠤᠨ ᠭᠤᠣᠯᠴᠢ ᠰᠢᠳᠤᠷᠭᠤ ᠪᠠᠷ ᠪᠠᠶᠢᠳᠠᠭ ᠲᠤᠯᠠ ᠮᠠᠯᠴᠢᠳ ᠤᠨ ᠬᠦᠷᠢᠶᠡᠯᠡᠯ ᠢ ᠣᠯᠣᠭᠰᠠᠨ ᠪᠠᠶᠢᠪᠠ᠃ | 1903 ᠣᠨ ᠳᠤ ᠭᠤᠮᠪᠤ ᠮᠠᠶᠢᠷᠠᠨ ᠬᠠᠩᠬ᠎ᠠ ᠶᠢᠨ ᠭᠤᠷᠪᠠᠨ ᠪᠠᠭ ᠤᠨ ᠭᠠᠵᠠᠷ ᠢ ᠠᠲᠠᠷ ᠨᠡᠭᠡᠭᠡᠨ ᠬᠠᠭᠠᠯᠪᠦᠷᠢᠯᠠᠬᠤ ᠪᠠᠷ ᠮᠡᠳᠡᠭᠦᠯᠦᠭᠰᠡᠨ ᠤ ᠳᠠᠷᠠᠭ᠎ᠠ᠂ ᠡᠤ | ᠶᠤᠸᠠᠨ ᠲᠢᠩ ᠤᠨ ᠠᠲᠠᠷ ᠬᠠᠭᠠᠯᠪᠦᠷᠢᠯᠠᠬᠤ ᠭᠠᠵᠠᠷ ᠠᠴᠠ ᠬᠠᠩᠬ᠎ᠠ ᠶᠢᠨ ᠭᠤᠷᠪᠠᠨ ᠪᠠᠭ ᠤᠨ ᠭᠠᠵᠠᠷ ᠲᠤ ᠬᠥᠮᠦᠨ ᠲᠣᠮᠢᠯᠠᠨ ᠢᠷᠡᠭᠦᠯᠵᠦ᠂ ᠮᠠᠯᠴᠢᠳ ᠤᠨ ᠡᠷᠦᠬᠡ | ᠠᠮᠠ ᠶᠢᠨ ᠭᠠᠵᠠᠷ ᠪᠣᠯᠬᠤ ᠮᠠᠯ ᠤᠨ ᠪᠡᠯᠴᠢᠭᠡᠷ ᠢ ᠨᠢ ᠲᠡᠭᠡᠰᠦᠯᠡᠨ ᠬᠡᠮᠵᠢᠬᠦ ᠦᠶ᠎ᠡ ᠳᠤ ᠴᠠᠭᠠᠨᠪᠣᠯᠣᠳ ᠵᠠᠩᠭᠢ ᠡᠨᠡ ᠤᠳᠠᠭ᠎ᠠ ᠶᠢᠨ ᠳᠤᠭᠤᠶᠢᠯᠠᠩ ᠤᠨ | ᠬᠥᠳᠡᠯᠭᠡᠭᠡᠨ ᠳᠤ ᠪᠡᠶ᠎ᠡ ᠪᠠᠷ ᠣᠷᠣᠯᠴᠠᠵᠤ᠂ ᠰᠢᠭᠤᠳ ᠤᠳᠤᠷᠢᠳᠤᠭᠰᠠᠨ ᠪᠠᠶᠢᠨ᠎ᠠ᠃ ᠡᠨᠡ ᠤᠳᠠᠭ᠎ᠠ ᠶᠢᠨ ᠳᠤᠭᠤᠶᠢᠯᠠᠩ ᠤᠨ ᠬᠥᠳᠡᠯᠭᠡᠭᠡᠨ ᠨᠢ ᠤᠳᠤᠷᠢᠳᠤᠯᠭ᠎ᠠ ᠲᠠᠢ | ᠵᠣᠬᠢᠶᠠᠨ ᠪᠠᠶᠢᠭᠤᠯᠤᠯᠲᠠ ᠲᠠᠢ ᠪᠥᠯᠬᠦᠮᠳᠡᠨ ᠲᠡᠮᠡᠴᠡᠭᠰᠡᠨ ᠢᠶᠠᠷ ᠠᠲᠠᠷ ᠬᠠᠭᠠᠯᠪᠦᠷᠢᠯᠠᠬᠤ ᠪᠠᠷ ᠢᠷᠡᠭᠰᠡᠨ ᠬᠥᠮᠦᠰ ᠭᠠᠵᠠᠷ ᠲᠡᠭᠡᠰᠦᠯᠡᠬᠦ ᠠᠷᠭ᠎ᠠ ᠦᠭᠡᠢ ᠪᠣᠯᠣᠭᠠᠳ | ᠵᠣᠭᠰᠤᠪᠠ᠃ | ᠰᠦᠢ ᠶᠤᠸᠠᠨ ᠮᠣᠵᠢ ᠶᠢᠨ ᠵᠠᠬᠢᠷᠤᠭᠴᠢ ᠸᠧᠨ ᡁᠢ ᠬᠤᠢ ᠣᠷᠳᠣᠰ ᠲᠤ ᠬᠦᠷᠴᠦ ᠢᠷᠡᠨ ᠬᠦᠨᠳᠦ ᠭᠡᠴᠡᠭᠦᠦ ᠰᠦᠷᠳᠡᠭᠦᠯᠦᠯ ᠶᠠᠪᠤᠭᠤᠯᠤᠭᠰᠠᠨ ᠠᠴᠠ | ᠠᠷᠪᠢᠨᠪᠠᠶᠠᠷ ᠠᠷᠭ᠎ᠠ ᠪᠤᠰᠤ 1903 ᠣᠨ ᠤ ᠡᠪᠦᠯ ᠬᠠᠩᠬ᠎ᠠ ᠶᠢᠨ ᠭᠤᠷᠪᠠᠨ ᠪᠠᠭ ᠤᠨ ᠭᠠᠵᠠᠷ ᠢ ᠭᠤᠮᠪᠤ ᠮᠠᠶᠢᠷᠠᠨ ᠤ ᠬᠤᠳᠠᠯᠳᠤᠭᠰᠠᠨ ᠶᠤᠰᠤᠭᠠᠷ ᠠᠲᠠᠷ ᠨᠡᠭᠡᠭᠡᠨ | ᠬᠠᠭᠠᠯᠪᠦᠷᠢᠯᠠᠬᠤ ᠶᠢ ᠵᠥᠪᠰᠢᠶᠡᠷᠡᠪᠡ᠃ ᠠᠷᠪᠢᠨᠪᠠᠶᠠᠷ ᠤᠨ ᠠᠲᠠᠷ ᠬᠠᠭᠠᠯᠪᠦᠷᠢᠯᠠᠬᠤ ᠶᠢ ᠵᠥᠪᠰᠢᠶᠡᠷᠡᠭᠰᠡᠨ ᠶᠠᠪᠤᠳᠠᠯ ᠨᠢ ᠳᠤᠭᠤᠶᠢᠯᠠᠩ ᠤᠨ ᠠᠷᠠᠳ ᠲᠦᠮᠡᠨ ᠤ ᠬᠢᠯᠢᠩ | ᠬᠤᠷᠤᠰᠤᠯ ᠢ ᠨᠡᠩ ᠶᠡᠭᠡ ᠪᠠᠷ ᠳᠡᠭᠳᠡᠭᠡᠪᠡ᠃ ᠲᠡᠳᠡ ᠪᠦᠭᠦᠳᠡᠭᠡᠷ ᠬᠤᠰᠢᠭᠤᠨ ᠤ ᠵᠠᠰᠠᠭ ᠶᠠᠮᠤᠨ᠂ ᠳ᠋ᠠ ᠨᠣᠶᠠᠨ ᠤ ᠴᠢᠭᠤᠯᠭᠠᠨ ᠤ ᠭᠠᠵᠠᠷ᠂ ᠢ ᠭᠦ᠋ ᠵᠠᠩᠵᠤᠨ ᠤ | ᠠᠲᠠᠷ ᠨᠡᠭᠡᠭᠡᠨ ᠬᠠᠭᠠᠯᠪᠦᠷᠢᠯᠠᠬᠤ ᠶᠡᠷᠦᠩᠬᠡᠢ ᠲᠣᠪᠴᠢᠶ᠎ᠠ ᠪᠣᠯᠣᠨ ᠵᠠᠩᠵᠤᠨ ᠰᠠᠶᠢᠳ ᠤᠨ ᠭᠠᠵᠠᠷ ︵ᠬᠦᠬᠡᠬᠤᠲᠠ ᠶᠢᠨ ᠬᠤᠯᠠᠳᠠᠬᠢᠨ ᠢ ᠠᠮᠤᠷᠵᠢᠭᠤᠯᠬᠤ ᠵᠠᠩᠵᠤᠨ | ᠰᠠᠶᠢᠳ ᠤᠨ ᠭᠠᠵᠠᠷ︶᠂ ᠴᠢᠩ ᠤᠯᠤᠰ ᠤᠨ ᠵᠤᠷᠭᠠᠨ ᠶᠠᠮᠤᠨ ᠬᠦᠷᠲᠡᠯ᠎ᠡ ᠤᠳᠠᠭ᠎ᠠ ᠳᠠᠷᠠᠭ᠎ᠠ ᠪᠠᠷ ᠡᠷᠭᠦᠯᠲᠡ ᠪᠢᠴᠢᠵᠦ᠂ ᠠᠲᠠᠷ ᠬᠠᠭᠠᠯᠪᠦᠷᠢᠯᠠᠬᠤ ᠶᠢ ᠡᠰᠡᠷᠭᠦᠴᠡᠪᠡ᠂ | ᠲᠡᠳᠡᠭᠡᠷ ᠡᠷᠭᠦᠯᠲᠡ ᠪᠢᠴᠢᠭ ᠤᠨ ᠠᠭᠤᠯᠭ᠎ᠠ ᠶᠢ《 ᠭᠤᠮᠤᠳᠠᠪᠠᠢ᠂ ᠪᠠᠴᠢᠮᠳᠠᠪᠠᠢ᠂ ᠭᠠᠴᠢᠭᠳᠠᠪᠠᠢ 》 ᠭᠡᠰᠡᠨ ᠡᠶᠢᠮᠦ ᠭᠤᠷᠪᠠᠨ ᠦᠭᠡ ᠪᠠᠷ ᠪᠠᠭᠴᠠᠯᠠᠵᠤ ᠪᠣᠯᠣᠨ᠎ᠠ᠂ | 《 ᠭᠠᠴᠢᠭᠳᠠᠪᠠᠢ 》 ᠭᠡᠳᠡᠭ ᠨᠢ ᠮᠠᠯᠴᠢᠳ ᠪᠢᠳᠠ ᠰᠠᠭᠤᠬᠤ ᠣᠷᠣᠨ ᠪᠡᠯᠴᠢᠭᠡᠷ ᠤᠰᠤ ᠦᠭᠡᠢ ᠭᠠᠴᠢᠭᠳᠠᠵᠤ ᠪᠠᠶᠢᠨ᠎ᠠ ᠭᠡᠰᠡᠭ ᠶᠤᠮ᠃《 ᠪᠠᠴᠢᠮᠳᠠᠪᠠᠢ 》 | ᠭᠡᠳᠡᠭ ᠨᠢ ᠬᠠᠷ᠎ᠠ ᠮᠠᠩᠨᠠᠢ ᠶᠢᠨ ᠳᠠᠪᠤᠰᠤᠨ ᠨᠠᠭᠤᠷ ᠢ ᠰᠠᠶᠢᠨᠳᠤᠷ᠎ᠠ ᠶᠢᠨ ᠲᠦᠩ ᡁᠢ ᠰᠠᠶᠢᠳ ᠲᠤ ᠬᠤᠳᠠᠯᠳᠤᠵᠤ ᠥᠭᠭᠦᠭᠰᠡᠨ ᠠᠴᠠ ᠮᠠᠯᠴᠢᠳ ᠪᠢᠳᠠᠨ ᠤ | ᠠᠮᠢᠳᠤᠷᠠᠯ ᠤᠨ ᠣᠷᠣᠯᠭ᠎ᠠ ᠬᠠᠰᠤᠭᠳᠠᠭᠰᠠᠨ ᠢᠶᠠᠷ ᠥᠯᠥ ᠪᠠᠷᠠᠮ ᠢᠳᠡᠬᠦ ᠳᠠᠪᠤᠰᠤ ᠴᠦ ᠦᠭᠡᠢ ᠪᠣᠯᠣᠭᠠᠳ ᠪᠠᠴᠢᠮᠳᠠᠵᠤ ᠪᠠᠶᠢᠨ᠎ᠠ ᠭᠡᠰᠡᠨ ᠶᠤᠮ᠃《 ᠭᠤᠮᠤᠳᠠᠪᠠᠢ | 》 ᠭᠡᠳᠡᠭ ᠨᠢ ᠮᠠᠨ ᠤ ᠬᠤᠰᠢᠭᠤᠨ ᠤ ᠸᠠᠩ ᠭᠦᠩ᠂ ᠲᠠᠶᠢᠵᠢ ᠨᠠᠷ ᠤᠨ ᠦᠷ᠎ᠡ ᠦᠨᠳᠦᠰᠦ ᠣᠯᠠᠨ ᠪᠠᠶᠢᠲᠠᠯ᠎ᠠ ᠶᠠᠭᠠᠬᠢᠭᠠᠳ ᠬᠠᠷᠠᠴᠤ ᠢᠵᠠᠭᠤᠷᠲᠠᠨ ᠭᠤᠮᠪᠤ ᠶᠢᠨ | ᠬᠥᠪᠡᠭᠦᠨ ᠢ ᠲᠠᠶᠢᠵᠢ ᠪᠣᠯᠭᠠᠵᠤ ᠨᠣᠶᠠᠨ ᠰᠠᠭᠤᠯᠭᠠᠬᠤ ᠪᠤᠢ︖ ᠡᠭᠦᠨ ᠳᠤ ᠪᠢᠳᠠ ᠭᠤᠮᠤᠳᠠᠵᠤ ᠪᠠᠶᠢᠨ᠎ᠠ ᠭᠡᠰᠡᠨ ᠤᠳᠬ᠎ᠠ ᠲᠠᠢ ᠪᠢᠯᠡ᠃ | 1904 ᠣᠨ ᠤ 3 ᠰᠠᠷ᠎ᠠ ᠠᠴᠠ 1905 ᠣᠨ ᠤ ᠡᠬᠢ ᠬᠦᠷᠲᠡᠯ᠎ᠡ ᠬᠠᠩᠭᠢᠨ ᠬᠤᠰᠢᠭᠤᠨ ᠳᠤ ᠠᠷᠪᠠᠨ ᠭᠤᠷᠪᠠᠨ ᠳᠤᠭᠤᠶᠢᠯᠠᠩ ᠵᠣᠬᠢᠶᠠᠨ ᠪᠠᠶᠢᠭᠤᠯᠤᠭᠳᠠᠨ | ᠪᠣᠰᠣᠯᠴᠠᠵᠤ᠂ ᠬᠠᠩᠬ᠎ᠠ ᠶᠢᠨ ᠭᠤᠷᠪᠠᠨ ᠪᠠᠭ ᠤᠨ ᠭᠠᠵᠠᠷ ᠲᠠᠯᠪᠢᠭᠰᠠᠨ ᠪᠠ ᠬᠠᠷ᠎ᠠ ᠮᠠᠩᠨᠠᠢ ᠶᠢᠨ ᠳᠠᠪᠤᠰᠤᠨ ᠨᠠᠭᠤᠷ ᠢ ᠰᠠᠶᠢᠨᠳᠤᠷ᠎ᠠ ᠶᠢᠨ ᠬᠢᠲᠠᠳ ᠲᠤ | ᠬᠤᠳᠠᠯᠳᠤᠭᠰᠠᠨ ᠶᠠᠪᠤᠳᠠᠯ ᠢ ᠡᠰᠡᠷᠭᠦᠴᠡᠨ᠂ ᠳᠤᠭᠤᠶᠢᠯᠠᠩ ᠤᠨ ᠬᠥᠳᠡᠯᠭᠡᠭᠡᠨ ᠪᠦᠬᠦ ᠬᠤᠰᠢᠭᠤᠨ ᠳᠤ ᠦᠷᠨᠢᠵᠡᠢ᠃ | ᠴᠠᠭᠠᠨᠪᠤᠯᠤᠳ᠂ ᠰᠣᠬᠤᠷ ᠰᠠᠩᠵᠠᠢ᠂ ᠨᠠᠰᠤᠨᠴᠤᠭ ᠨᠠᠷ ᠤᠨ ᠤᠳᠤᠷᠢᠳᠤᠭᠰᠠᠨ ᠳᠤᠭᠤᠶᠢᠯᠠᠩ ᠤᠳ ᠢᠩᠬᠢᠵᠦ ᠦᠰᠦᠭ ᠪᠢᠴᠢᠭ ᠢᠶᠠᠷ ᠭᠤᠮᠤᠳᠠᠯ ᠢᠶᠠᠨ | ᠪᠢᠴᠢᠵᠦ ᠵᠠᠭᠠᠯᠳᠤᠭᠰᠠᠨ ᠢᠶᠠᠷ ᠪᠠᠷᠠᠬᠤ ᠦᠭᠡᠢ᠂ ᠪᠠᠰᠠ ᠪᠢᠯᠠᠭᠤ ᠰᠢᠳᠠᠮ᠂ ᠭᠠᠯ ᠫᠤᠤ ᠪᠠᠨ ᠪᠠᠷᠢᠵᠤ ᠲᠡᠳᠡᠭᠡᠷ ᠠᠲᠠᠷ ᠬᠠᠭᠠᠯᠪᠦᠷᠢᠯᠠᠬᠤ ᠶᠢ ᠰᠠᠬᠢᠨ ᠬᠠᠮᠠᠭᠠᠯᠠᠵᠤ | ᠪᠠᠶᠢᠭᠰᠠᠨ ᠴᠡᠷᠢᠭ ᠤᠳ ᠲᠠᠢ ᠠᠰ ᠲᠤᠯᠤᠨ ᠲᠡᠮᠡᠴᠡᠭᠰᠡᠨ ᠪᠠᠶᠢᠨ᠎ᠠ᠃ ᠲᠡᠭᠦᠨᠴᠢᠯᠡᠨ ᠳᠠᠯᠠᠳ ᠬᠤᠰᠢᠭᠤᠨ ᠤ ᠬᠠᠩᠬ᠎ᠠ ᠳᠠᠬᠢ ᠭᠤᠷᠪᠠᠨ ᠵᠠᠭᠤᠨ ᠤ ᠭᠠᠵᠠᠷ ᠤᠨ | ᠨᠠᠮᠰᠠᠷᠠᠢ ᠶᠢᠨ ᠤᠳᠤᠷᠢᠳᠤᠭᠰᠠᠨ ᠳᠤᠭᠤᠶᠢᠯᠠᠩ ᠳᠤ ᠬᠦᠴᠦ ᠪᠠᠨ ᠬᠠᠮᠳᠤᠳᠬᠠᠨ᠂ ᠠᠲᠠᠷ ᠬᠠᠭᠠᠯᠪᠦᠷᠢᠯᠠᠭᠴᠢᠳ ᠲᠤ ᠤᠳᠠᠭ᠎ᠠ ᠳᠠᠷᠠᠭ᠎ᠠ ᠴᠣᠬᠢᠯᠲᠠ ᠥᠭᠴᠦ | ᠪᠠᠶᠢᠭᠰᠠᠨ ᠠᠴᠠ ᠲᠡᠳᠡ ᠳᠡᠮᠡᠢ ᠤᠷᠤᠭᠰᠢᠲᠠᠢ ᠬᠠᠭᠠᠯᠪᠦᠷᠢᠯᠠᠵᠤ ᠴᠢᠳᠠᠭᠰᠠᠨ ᠦᠭᠡᠢ ᠪᠠᠶᠢᠪᠠ᠃ | ᠴᠠᠭᠠᠨᠪᠤᠯᠤᠳ ᠵᠡᠯᠡᠨ ᠵᠠᠩᠭᠢ ᠨᠠᠷ ᠤᠨ ᠤᠳᠤᠷᠢᠳᠤᠭᠰᠠᠨ ᠳᠤᠭᠤᠶᠢᠯᠠᠩ ᠤᠨ ᠬᠥᠳᠡᠯᠭᠡᠭᠡᠨ ᠤ ᠦᠶ᠎ᠡ ᠪᠠᠷ ᠭᠤᠮᠪᠤ ᠮᠠᠶᠢᠷᠠᠨ ᠬᠠᠩᠭᠢᠨ ᠬᠤᠰᠢᠭᠤᠨ ᠳᠠᠭᠠᠨ | ᠬᠠᠷᠢᠵᠤ ᠢᠷᠡᠪᠡ᠃ ᠲᠡᠷᠡ ᠡᠨᠡ ᠤᠳᠠᠭ᠎ᠠ ᠢᠷᠡᠬᠦ ᠳᠡᠭᠡᠨ ᠬᠦᠬᠡᠬᠤᠲᠠ ᠳᠤ ᠣᠴᠢᠭᠰᠠᠨ ᠲᠠᠢ ᠪᠠᠨ ᠠᠳᠠᠯᠢ ᠦᠭᠡᠢ ᠪᠣᠯᠵᠤ᠂ ᠲᠡᠷᠭᠡ ᠰᠡᠤᠬᠡ ᠳᠤ ᠰᠠᠭᠤᠵᠤ | ᠢᠷᠡᠭᠰᠡᠨ ᠪᠦᠭᠡᠳ ᠲᠣᠯᠣᠭᠠᠢ ᠳᠠᠭᠠᠨ ᠵᠢᠩᠰᠡᠲᠦ ᠮᠠᠯᠠᠭᠠᠢ ᠵᠡᠭᠦᠭᠰᠡᠨ ᠪᠠᠶᠢᠪᠠ᠃ | 1907 ᠣᠨ ᠤ 8 ᠰᠠᠷ᠎ᠠ ᠶᠢᠨ 28 ᠤ ᠡᠳᠦᠷ᠂ ᠴᠠᠭᠠᠨᠪᠤᠯᠤᠳ ᠵᠡᠷᠭᠡ 300 ᠭᠠᠷᠤᠢ ᠳᠤᠭᠤᠶᠢᠯᠠᠩ ᠤᠨ ᠠᠷᠠᠳ ᠠᠶᠢᠯ ᠤᠨ ᠬᠤᠷᠢᠮ ᠢᠳᠡᠵᠦ ᠪᠠᠶᠢᠭᠰᠠᠨ | ᠭᠤᠮᠪᠤ ᠮᠠᠶᠢᠷᠠᠨ ᠪᠣᠯᠣᠨ ᠲᠡᠭᠦᠨ ᠤ ᠬᠥᠪᠡᠭᠦᠨ ᠷᠢᠨᠴᠢᠨᠰᠧᠪᠠᠯ ᠬᠤᠶᠠᠭᠤᠯᠠ ᠶᠢ ᠪᠠᠷᠢᠵᠤ ᠠᠪᠤᠭᠠᠳ《 ᠮᠠᠨᠢ ᠶᠢ ᠨᠢ ᠲᠣᠭᠠᠯᠠᠭᠠᠳ᠂ ᠮᠠᠨᠲᠠᠤ ᠶᠢ ᠨᠢ ᠢᠳᠡᠭᠦᠯᠵᠦ 》 | ︵ᠴᠢᠮᠬᠢᠬᠦ᠂ ᠨᠢᠳᠤᠷᠭᠠᠳᠠᠬᠤ ᠭᠡᠰᠡᠨ ᠤᠳᠬ᠎ᠠ ᠲᠠᠢ︶᠂ ᠬᠠᠮᠤᠭ ᠪᠡᠶ᠎ᠡ ᠶᠢ ᠨᠢ ᠴᠢᠰᠤ ᠨᠥᠵᠢ ᠪᠣᠯᠲᠠᠯ᠎ᠠ ᠵᠠᠨᠴᠢᠭᠰᠠᠨ ᠪᠠᠶᠢᠪᠠ᠃ ᠲᠡᠭᠦᠨᠴᠢᠯᠡᠨ ᠭᠤᠮᠪᠤ ᠮᠠᠶᠢᠷᠠᠨ | ᠡᠴᠢᠬᠡ ᠬᠦᠦ ᠬᠤᠶᠠᠭᠤᠯᠠ ᠶᠢ ᠬᠠᠷ᠎ᠠ ᠮᠠᠩᠨᠠᠢ ᠶᠢᠨ ᠨᠠᠭᠤᠷ ᠤᠨ ᠬᠥᠪᠡᠭᠡ ᠳᠠᠭᠠᠤ ᠠᠶᠢᠯ ᠤᠳ ᠢᠶᠠᠷ ᠲᠣᠭᠤᠷᠢᠭᠤᠯᠤᠨ ᠲᠡᠮᠡᠴᠡᠵᠦ᠂ ᠶᠠᠯ᠎ᠠ ᠨᠢᠭᠦᠯ ᠢ ᠨᠢ ᠲᠣᠭᠠᠴᠢᠵᠤ᠂ | ᠵᠡᠭᠦᠭᠰᠡᠨ ᠵᠢᠩᠰᠡᠲᠦ ᠮᠠᠯᠠᠭᠠᠢ ᠶᠢ ᠨᠢ ᠮᠣᠯᠲᠤᠯᠤᠨ ᠠᠪᠴᠤ ᠡᠶᠢᠰᠢ ᠲᠡᠶᠢᠰᠢ ᠢᠰᠭᠦᠯᠦᠭᠡᠳ᠂《 ᠮᠣᠯᠳᠣᠯᠪᠠᠢ 》 ᠭᠡᠮᠡᠨ ᠣᠯᠠᠨ ᠢᠶᠠᠷ ᠢᠶᠠᠨ ᠬᠠᠰᠬᠢᠷᠤᠯᠳᠤᠵᠤ | ᠪᠠᠶᠢᠪᠠ᠃ ᠳᠤᠭᠤᠶᠢᠯᠠᠩ ᠤᠨ ᠬᠥᠮᠦᠰ ᠢᠩᠬᠢᠵᠦ ᠪᠥᠯᠬᠦᠮᠳᠡᠨ ᠲᠡᠮᠡᠴᠡᠭᠰᠡᠨ ᠢᠶᠠᠷ ᠴᠢᠩ ᠤᠯᠤᠰ ᠤᠨ ᠵᠠᠰᠠᠭ ᠤᠨ ᠭᠠᠵᠠᠷ ᠠᠴᠠ ᠢ ᠭᠦ᠋ ᠵᠠᠩᠵᠤᠨ ᠤ ᠲᠤᠰᠢᠶᠠᠯ ᠢ | ᠤᠭᠴᠠᠷᠠᠭᠤᠯᠪᠠ᠃ ᠲᠡᠷᠡᠴᠢᠯᠡᠨ ᠬᠠᠩᠬ᠎ᠠ ᠶᠢᠨ ᠭᠤᠷᠪᠠᠨ ᠪᠠᠭ ᠤᠨ ᠭᠠᠵᠠᠷ ᠠᠴᠠ ᠲᠠᠯᠪᠢᠭᠰᠠᠨ ᠮᠠᠯ ᠤᠨ ᠪᠡᠯᠴᠢᠭᠡᠷ᠂ ᠠᠭᠲᠠ ᠶᠢᠨ ᠪᠡᠯᠴᠢᠭᠡᠷ᠂ ᠰᠦᠮ᠎ᠡ ᠵᠢᠰᠠ ᠶᠢᠨ | ᠭᠠᠵᠠᠷ᠂ ᠡᠷᠦᠬᠡ ᠠᠮᠠ ᠶᠢᠨ ᠭᠠᠵᠠᠷ ᠵᠡᠷᠭᠡ ᠠᠴᠠ ᠨᠡᠯᠢᠶᠡᠳ ᠭᠡᠰᠡᠭ ᠢ ᠪᠤᠴᠠᠭᠠᠨ ᠠᠪᠤᠪᠠ᠃ ᠬᠠᠷ᠎ᠠ ᠮᠠᠩᠨᠠᠢ ᠶᠢᠨ ᠳᠠᠪᠤᠰᠤᠨ ᠨᠠᠭᠤᠷ ᠢᠶᠠᠨ ᠴᠦ ᠰᠠᠶᠢᠨᠳᠤᠷ᠎ᠠ ᠶᠢᠨ | ᠲᠦᠩ ᡁᠢ ᠰᠠᠶᠢᠳ ᠤᠨ ᠭᠠᠵᠠᠷ ᠠᠴᠠ ᠡᠬᠡᠭᠦᠯᠦᠨ ᠠᠪᠴᠠᠢ᠃ ᠬᠠᠩᠭᠢᠨ ᠬᠤᠰᠢᠭᠤᠨ ᠤ ᠶᠡᠭᠡ ᠡᠷᠬᠡ ᠶᠢ ᠠᠳᠬᠤᠬᠤ ᠭᠡᠰᠡᠨ ᠷᠢᠨᠴᠢᠨᠰᠧᠪᠠᠯ ᠢ ᠴᠦ ᠡᠴᠢᠬᠡ ᠲᠠᠢ ᠨᠢ | ᠬᠠᠮᠲᠤ ᠬᠤᠯᠪᠤᠭᠠᠯᠵᠢᠨ ᠭᠡᠮᠡᠬᠦ ᠭᠠᠵᠠᠷ ᠬᠤᠷᠢᠭᠰᠠᠨ ᠪᠠᠶᠢᠪᠠ᠃ ᠬᠠᠩᠭᠢᠨ ᠬᠤᠰᠢᠭᠤᠨ ᠤ ᠠᠷᠠᠳ ᠲᠦᠮᠡᠨ ᠡᠨᠡ ᠪᠠᠶᠢᠳᠠᠯ ᠢ᠄ | ᠠᠷᠤ ᠰᠢᠯᠢ ᠶᠢᠨ ᠡᠩᠭᠡᠷ ᠲᠤ | ᠠᠬᠢ ᠤᠷᠭᠤᠭᠰᠠᠨ ᠲᠤᠰᠠ ᠦᠭᠡᠢ᠃ | ᠠᠪᠤ ᠶᠢᠨ ᠦᠷ᠎ᠡ ᠷᠢᠨᠴᠢᠨᠰᠧᠪᠠᠯ | ᠠᠪᠤ ᠲᠠᠢ ᠶᠠᠪᠤᠭᠰᠠᠨ ᠲᠤᠰᠠ ᠦᠭᠡᠢ᠃ | ᠬᠤᠶᠢᠳᠤ ᠰᠢᠯᠢ ᠶᠢᠨ ᠣᠪᠣᠭ᠎ᠠ ᠪᠠᠨ | ᠬᠤᠨᠢᠨ ᠰᠢᠭᠦᠰᠦ ᠲᠠᠢ ᠳᠠᠬᠢᠯᠠ᠃ | 《 ᠬᠤᠩᠭᠤᠷ ᠠᠯᠠᠭ 》 ᠷᠢᠨᠴᠢᠨᠰᠧᠪᠠᠯ ᠢᠶᠠᠨ | ᠬᠤᠯᠪᠤᠭᠠᠯᠵᠢᠨ ᠤ ᠪᠠᠯᠠᠷ ᠲᠤ ᠬᠦᠷᠭᠡᠯ᠎ᠡ ᠳ᠋ᠠ᠃ | ᠮᠠᠬᠠᠺᠠᠯᠠ ᠶᠢᠨ ᠣᠪᠣᠭ᠎ᠠ ᠶᠢ | ᠮᠢᠬ᠎ᠠ ᠶᠤ᠋ ᠰᠢᠭᠦᠰᠦ ᠪᠠᠷ ᠳᠠᠬᠢᠯᠠ᠃ | ᠮᠠᠩᠨᠠᠢ ᠨᠠᠭᠤᠷ ᠤᠨ ᠢᠶᠠᠨ ᠳᠠᠪᠤᠰᠤ ᠶᠢ | ᠮᠠᠩᠵᠢᠨ ᠲᠣᠭᠤᠭᠠᠨ ᠳᠠᠭᠠᠨ ᠣᠷᠬᠢᠯ᠎ᠠ ᠳ᠋ᠠ | … … | ᠭᠡᠵᠦ ᠶᠣᠵᠣᠯᠠᠨ ᠳᠠᠭᠤᠯᠠᠵᠤ ᠪᠠᠶᠢᠯ᠎ᠠ᠃ | 1908 ᠣᠨ ᠳᠤ ᠴᠠᠭᠠᠨᠪᠤᠯᠤᠳ ᠤᠨ ᠤᠳᠤᠷᠢᠳᠤᠭᠰᠠᠨ ᠳᠤᠭᠤᠶᠢᠯᠠᠩ᠂ ᠰᠣᠬᠤᠷ ᠰᠠᠩᠵᠠᠢ᠂ ᠨᠠᠰᠤᠨᠴᠤᠭ ᠨᠠᠷ ᠤᠨ ᠳᠤᠭᠤᠶᠢᠯᠠᠩ᠂ ᠳᠠᠯᠠᠳ | ᠬᠤᠰᠢᠭᠤᠨ ᠤ ᠨᠠᠮᠰᠠᠷᠠᠢ ᠶᠢᠨ ᠤᠳᠤᠷᠢᠳᠤᠭᠰᠠᠨ ᠳᠤᠭᠤᠶᠢᠯᠠᠩ ᠬᠤᠯᠪᠤᠭᠠᠯᠠᠨ 1000 ᠭᠠᠷᠤᠢ ᠬᠥᠮᠦᠨ ᠪᠠᠨᠴᠢᠨ ᠵᠤᠤ ᠶᠢᠨ ᠰᠦᠮ᠎ᠡ ᠳᠡᠭᠡᠷ᠎ᠡ ᠴᠤᠭᠯᠠᠷᠠᠵᠤ᠂ | ᠪᠠᠨᠴᠢᠨ ᠵᠤᠤ ᠶᠢᠨ ᠣᠷᠴᠢᠨ ᠳᠤ ᠪᠠᠶᠢᠭᠰᠠᠨ ᠠᠲᠠᠷ ᠨᠡᠭᠡᠭᠡᠨ ᠬᠠᠭᠠᠯᠪᠦᠷᠢᠯᠠᠬᠤ ᠶᠡᠷᠦᠩᠬᠡᠢ ᠲᠣᠪᠴᠢᠶᠠᠨ ᠤ ᠵᠡᠪᠰᠡᠭᠲᠦ ᠠᠯᠪᠠᠲᠠᠳ ᠢ ᠥᠯᠳᠡᠨ ᠶᠠᠪᠤᠭᠤᠯᠪᠠ᠃ | ᠴᠠᠭᠠᠨᠪᠣᠯᠣᠳ ᠤᠨ ᠤᠳᠤᠷᠢᠳᠤᠭᠰᠠᠨ ᠳᠤᠭᠤᠶᠢᠯᠠᠩ ᠤᠨ ᠬᠥᠳᠡᠯᠭᠡᠭᠡᠨ ᠴᠢᠩ ᠤᠨ ᠵᠠᠰᠠᠭ ᠤᠨ ᠰᠦᠢ ᠶᠤᠸᠠᠨ ᠮᠣᠩᠭᠤᠯ ᠬᠤᠰᠢᠭᠤᠨ ᠤ ᠠᠲᠠᠷ ᠨᠡᠭᠡᠭᠡᠨ | ᠬᠠᠭᠠᠯᠪᠦᠷᠢᠯᠠᠬᠤ ᠶᠢ ᠡᠰᠡᠷᠭᠦᠴᠡᠭᠰᠡᠨ ᠲᠡᠮᠡᠴᠡᠯ ᠠᠩᠬ᠎ᠠ ᠠᠯᠬᠤᠮ ᠤᠨ ᠢᠯᠠᠯᠲᠠ ᠣᠯᠣᠭᠰᠠᠨ ᠦᠶ᠎ᠡ ᠳᠤ ᠵᠠᠰᠠᠭ ᠬᠤᠰᠢᠭᠤᠨ ᠤ ᠳᠤᠭᠤᠶᠢᠯᠠᠩ ᠤᠨ ᠬᠥᠳᠡᠯᠭᠡᠭᠡᠨ ᠤ | ᠤᠳᠤᠷᠢᠳᠤᠭᠴᠢ ᠸᠠᠩᠳᠠᠨᠨᠢᠮ᠎ᠠ᠂ ᠴᠠᠭᠠᠨᠪᠤᠯᠤᠳ ᠤᠨ ᠳᠤᠭᠤᠶᠢᠯᠠᠩ ᠳᠤ ᠬᠦᠷᠴᠦ ᠢᠷᠡᠪᠡ᠃ | ᠸᠠᠩᠳᠠᠨᠨᠢᠮ᠎ᠠ ᠢᠷᠡᠭᠰᠡᠨ ᠤ ᠳᠠᠷᠠᠭ᠎ᠠ ᠴᠠᠭᠠᠨᠪᠤᠯᠤᠳ ᠨᠠᠮᠰᠠᠷᠠᠢ ᠲᠠᠢ ᠬᠠᠮᠲᠤᠷᠠᠨ ᠬᠠᠩᠭᠢᠨ ᠬᠤᠰᠢᠭᠤᠨ ᠤ ᠭᠤᠷᠪᠠᠨ ᠪᠠᠭ᠂ ᠳᠠᠯᠠᠳ ᠬᠤᠰᠢᠭᠤᠨ ᠤ ᠭᠤᠷᠪᠠᠨ | ᠵᠠᠭᠤᠨ ᠤ ᠭᠠᠵᠠᠷ ᠪᠣᠯᠣᠨ ᠠᠯᠠᠱᠠ ᠶᠢᠨ ᠵᠡᠭᠦᠨ ᠭᠡᠰᠡᠭ ᠵᠡᠷᠭᠡ ᠭᠠᠵᠠᠷ ᠤᠨ ᠠᠷᠠᠳ ᠤᠨ ᠳᠤᠭᠤᠶᠢᠯᠠᠩ ᠢ ᠳᠠᠶᠢᠴᠢᠯᠠᠨ ᠥᠷᠭᠡᠨ ᠢᠶᠠᠷ ᠴᠡᠷᠢᠭ ᠮᠣᠷᠢ ᠡᠯᠰᠡᠵᠦ | ᠬᠦᠴᠦᠨ ᠢᠶᠠᠨ ᠥᠷᠭᠡᠳᠬᠡᠬᠦ ᠶᠢᠨ ᠬᠠᠮᠲᠤ ᠵᠡᠪᠰᠡᠭ ᠴᠤᠭᠯᠠᠭᠤᠯᠤᠨ ᠭᠠᠯ ᠫᠤᠤ ᠪᠣᠯᠣᠨ ᠢᠯᠲᠦ ᠵᠢᠳᠠ ᠪᠠᠷ ᠵᠡᠪᠰᠡᠭᠯᠡᠭᠰᠡᠨ 200 ᠭᠠᠷᠤᠢ ᠬᠥᠮᠦᠨ ᠢᠶᠠᠷ | ᠪᠥᠷᠢᠯᠳᠦᠭᠰᠡᠨ ᠵᠡᠪᠰᠡᠭᠲᠦ ᠬᠦᠴᠦᠨ ᠢ ᠪᠠᠶᠢᠭᠤᠯᠤᠭᠠᠳ ᠲᠤᠰ ᠭᠠᠵᠠᠷ ᠤᠨ ᠨᠣᠶᠠᠳ ᠳᠦᠰᠢᠮᠡᠳ ᠪᠣᠯᠣᠨ ᠨᠤᠲᠤᠭ ᠤᠨ ᠬᠠᠷᠭᠢᠰᠴᠤᠳ ᠲᠤ ᠡᠷᠡᠰ ᠴᠣᠬᠢᠯᠲᠠ | ᠥᠭᠴᠦ᠂ ᠲᠡᠳᠡᠨ ᠤ ᠭᠡᠷ ᠪᠠᠶᠢᠰᠢᠩ ᠢ ᠭᠠᠯᠳᠠᠨ ᠲᠦᠯᠡᠵᠦ᠂ ᠠᠷᠢᠯᠵᠢᠶᠠᠨ ᠤ ᠫᠦᠰᠡ ᠶᠢ ᠨᠢ ᠪᠠᠯᠪᠠᠴᠢᠵᠤ᠂ ᠲᠡᠳᠡᠨ ᠳᠤ ᠪᠤᠯᠢᠶᠠᠨ ᠡᠵᠡᠯᠡᠭᠳᠡᠭᠰᠡᠨ ᠭᠠᠵᠠᠷ | ᠨᠤᠲᠤᠭ ᠢᠶᠠᠨ ᠡᠬᠡᠭᠦᠯᠦᠨ ᠠᠪᠴᠤ ᠪᠢᠯᠡ᠃ ᠲᠡᠳᠡ ᠨᠠᠷ ᠢᠩᠬᠢᠵᠦ ᠲᠡᠮᠡᠴᠡᠯ ᠶᠠᠪᠤᠭᠤᠯᠤᠭᠰᠠᠨ ᠳᠤ᠂ ᠲᠡᠳᠡᠭᠡᠷ ᠡᠷᠬᠡ ᠪᠠᠷᠢᠭᠴᠢᠳ᠂ ᠭᠠᠵᠠᠷ ᠤᠨ ᠡᠵᠡᠨ ᠪᠣᠯᠣᠨ | ᠵᠠᠯᠢᠬᠠᠢ ᠬᠤᠳᠠᠯᠳᠤᠭᠠᠴᠢᠨ ᠨᠠᠷ ᠰᠥᠯᠪᠡᠭᠡᠯᠳᠦᠨ ᠣᠷᠳᠤᠰ ᠶᠡᠭᠡ ᠵᠤᠤ ᠶᠢᠨ ᠴᠢᠭᠤᠯᠭᠠᠨ ᠳ᠋ᠠ ᠶᠢᠨ ᠭᠠᠵᠠᠷ ᠲᠤ ᠴᠠᠭᠠᠨᠪᠤᠯᠤᠳ ᠸᠠᠩᠳᠠᠨᠨᠢᠮ᠎ᠠ ᠨᠠᠷ ᠢ ᠤᠳᠠᠭ᠎ᠠ | ᠳᠠᠷᠠᠭᠠᠯᠠᠨ ᠵᠠᠭᠠᠯᠳᠤᠪᠠ᠃ ᠭᠡᠪᠡᠴᠦ ᠲᠤᠬᠠᠢ ᠶᠢᠨ ᠦᠶ᠎ᠡ ᠶᠢᠨ ᠣᠷᠳᠤᠰ ᠶᠡᠭᠡ ᠵᠤᠤ ᠶᠢᠨ ᠴᠢᠭᠤᠯᠭᠠᠨ ᠤ ᠬᠡᠪᠴᠢᠶᠡᠨ ᠳᠤ ᠡᠯ᠎ᠡ ᠳᠤᠭᠤᠶᠢᠯᠠᠩ ᠤᠨ ᠬᠥᠳᠡᠯᠭᠡᠭᠡᠨ | ᠰᠦᠷ ᠬᠦᠴᠦᠨ ᠲᠠᠢ ᠦᠷᠨᠢᠨ ᠲᠡᠮᠡᠴᠡᠯ ᠶᠠᠪᠤᠭᠤᠯᠵᠤ ᠪᠠᠶᠢᠭᠰᠠᠨ ᠲᠤᠯᠠ ᠴᠢᠭᠤᠯᠭᠠᠨ ᠤ ᠲᠡᠷᠢᠭᠦᠨ ᠤ ᠭᠠᠵᠠᠷ ᠴᠦ ᠲᠡᠷᠡ ᠳᠠᠷᠤᠢ ᠳᠤᠨᠢ ᠠᠷᠭ᠎ᠠ ᠬᠡᠮᠵᠢᠶ᠎ᠡ ᠠᠪᠴᠤ | ᠴᠢᠳᠠᠬᠤ ᠦᠭᠡᠢ ᠪᠠᠶᠢᠯ᠎ᠠ᠃ ᠴᠠᠭᠠᠨᠪᠤᠯᠤᠳ ᠸᠠᠩᠳᠠᠨᠨᠢᠮ᠎ᠠ ᠨᠠᠷ ᠡᠨᠡ ᠦᠶ᠎ᠡ ᠳᠤ ᠨᠡᠩ ᠶᠡᠭᠡ ᠬᠡᠮᠵᠢᠶ᠎ᠡ ᠪᠠᠷ ᠲᠡᠮᠡᠴᠡᠯ ᠶᠠᠪᠤᠭᠤᠯᠬᠤ ᠶᠢ ᠵᠣᠷᠢᠵᠤ᠂ ᠠᠷᠠᠳ ᠤᠨ | ᠳᠤᠭᠤᠶᠢᠯᠠᠩ ᠤᠨ ᠵᠡᠪᠰᠡᠭᠲᠦ ᠬᠦᠴᠦᠨ ᠢᠶᠠᠨ ᠳᠠᠶᠢᠴᠢᠯᠠᠨ ᠵᠢᠯᠤᠭᠤᠳᠴᠤ᠂ ᠲᠡᠮᠡᠴᠡᠯ ᠶᠠᠪᠤᠭᠤᠯᠬᠤ ᠭᠠᠵᠠᠷ ᠤᠨ ᠬᠡᠪᠴᠢᠶ᠎ᠡ ᠪᠠᠨ ᠥᠷᠭᠡᠳᠬᠡᠨ ᠪᠠᠲᠤᠳᠬᠠᠵᠤ ᠪᠠᠶᠢᠪᠠ᠃ | ᠡᠨᠡ ᠬᠦ ᠳᠠᠯᠠᠶᠢᠴᠠ ᠶᠡᠬᠡᠲᠡᠢ ᠠᠤᠭ᠎ᠠ ᠲᠡᠮᠡᠴᠡᠯ ᠤᠨ ᠯᠤᠲᠤ ᠬᠦᠴᠦᠨ ᠨᠢ ᠣᠷᠳᠤᠰ ᠶᠡᠭᠡ ᠵᠤᠤ ᠶᠢᠨ ᠴᠢᠭᠤᠯᠭᠠᠨ ᠤ ᠬᠠᠲᠤᠨ ᠭᠤᠣᠯ ᠤᠨ ᠡᠮᠦᠨ᠎ᠡ ᠬᠤᠶᠢᠨᠠᠬᠢ | ᠬᠤᠶᠠᠷ ᠬᠥᠪᠡᠭᠡᠨ ᠤ ᠰᠠᠪᠠ ᠭᠠᠵᠠᠷ᠂ ᠠᠯᠠᠱᠠ ᠶᠢᠨ ᠵᠡᠭᠦᠨ ᠪᠡᠶ᠎ᠡ ᠵᠡᠷᠭᠡ ᠭᠠᠵᠠᠷ ᠢᠶᠠᠷ ᠵᠡᠪᠰᠡᠭᠲᠦ ᠲᠡᠮᠡᠴᠡᠯ ᠢ ᠶᠠᠪᠤᠭᠤᠯᠵᠤ ᠪᠠᠶᠢᠭᠰᠠᠨ ᠥᠷᠭᠡᠵᠢᠯ ᠤᠨ ᠬᠠᠷᠢᠭᠤ ᠳᠤ | ᠠᠳᠡᠬᠢ ᠶᠢᠨ ᠬᠤᠪᠳᠤᠭ ᠨᠣᠶᠠᠳ ᠠᠪᠯᠢᠭᠠᠴᠢ ᠳᠦᠰᠢᠮᠡᠯ᠂ ᠨᠤᠲᠤᠭ ᠤᠨ ᠬᠠᠷᠭᠢᠰᠴᠤᠳ᠂ ᠵᠠᠯᠢᠬᠠᠢ ᠵᠠᠬ᠎ᠠ ᠶᠢᠨ ᠠᠷᠠᠯᠵᠢᠶᠠᠴᠢᠨ ᠠᠴᠠ ᠤᠳᠠᠭ᠎ᠠ ᠳᠠᠷᠠᠭ᠎ᠠ ᠪᠠᠷ | ᠣᠷᠳᠤᠰ ᠶᠡᠭᠡ ᠵᠤᠤ ᠶᠢᠨ ᠴᠢᠭᠤᠯᠭᠠᠨ ᠳ᠋ᠠ ᠶᠢᠨ ᠭᠠᠵᠠᠷ ᠲᠤ ᠵᠠᠭᠠᠯᠳᠤᠭᠠᠳ ᠶᠠᠮᠠᠷ ᠴᠦ ᠲᠤᠰᠠ ᠬᠦᠷᠦᠭᠰᠡᠨ ᠦᠭᠡᠢ ᠲᠤᠯᠠ ᠲᠡᠳᠡ ᠨᠠᠷ ᠨᠢᠩᠰᠢᠶᠠ ᠶᠢᠨ ᠡᠷᠬᠡ | ᠪᠠᠷᠢᠭᠴᠢᠳ ᠪᠣᠯᠣᠨ ᠠᠯᠠᠱᠠ ᠴᠢᠨ ᠸᠠᠩ ᠤᠨ ᠬᠤᠰᠢᠭᠤ ᠵᠠᠰᠠᠭ ᠲᠤ ᠵᠠᠭᠠᠯᠳᠤᠪᠠ᠃ ᠡᠨᠡ ᠬᠤᠶᠠᠷ ᠭᠠᠵᠠᠷ ᠤᠨ ᠡᠷᠬᠡ ᠪᠠᠷᠢᠭᠴᠢᠳ ᠬᠠᠷᠢᠯᠴᠠᠨ ᠬᠤᠣᠪᠢᠯᠳᠤᠨ | ᠨᠢᠭᠡᠨ ᠬᠤᠪᠢ ᠨᠢᠭᠤᠴᠠ ᠵᠠᠬᠢᠳᠠᠯ ᠪᠢᠴᠢᠵᠦ᠂ ᠸᠠᠩᠳᠠᠨᠨᠢᠮ᠎ᠠ ᠴᠠᠭᠠᠨᠪᠤᠯᠤᠳ ᠨᠠᠷ ᠤᠨ ᠤᠳᠤᠷᠢᠳᠤᠭᠰᠠᠨ ᠠᠷᠠᠳ ᠤᠨ ᠵᠡᠪᠰᠡᠭᠲᠦ ᠬᠦᠴᠦᠨ ᠢ《 ᠭᠠᠵᠠᠷ ᠣᠷᠣᠨ ᠤ | ᠠᠮᠤᠷ ᠳᠥᠪᠰᠢᠨ ᠢ ᠡᠪᠳᠡᠵᠦ᠂ ᠣᠷᠣᠨ ᠨᠤᠲᠤᠭ ᠢ ᠰᠠᠮᠠᠭᠤᠷᠠᠭᠤᠯᠵᠤ ᠪᠠᠶᠢᠨ᠎ᠠ 》 ᠭᠡᠵᠦ ᠣᠷᠳᠣᠰ ᠶᠡᠭᠡ ᠵᠤᠤ ᠶᠢᠨ ᠴᠢᠭᠤᠯᠭᠠᠨ ᠳ᠋ᠠ ᠶᠢᠨ ᠭᠠᠵᠠᠷ ᠲᠤ | ᠵᠠᠭᠠᠯᠳᠤᠪᠠ᠃ | 1912 ᠣᠨ ᠤ ᠨᠠᠮᠤᠷ᠂ ᠣᠷᠳᠤᠰ ᠶᠡᠭᠡ ᠵᠤᠤ ᠶᠢᠨ ᠴᠢᠭᠤᠯᠭᠠᠨ ᠤ ᠡᠯ᠎ᠡ ᠬᠤᠰᠢᠭᠤᠨ ᠤ ᠵᠠᠰᠠᠭ ᠨᠣᠶᠠᠳ ᠪᠣᠯᠣᠨ ᠭᠡᠰᠡᠭ ᠳᠦᠰᠢᠮᠡᠳ ᠬᠠᠩᠭᠢᠨ | ᠬᠤᠰᠢᠭᠤᠨ ᠤ ᠸᠠᠩ ᠤᠨ ᠣᠷᠳᠤᠨ ᠳᠡᠭᠡᠷ᠎ᠡ ᠴᠤᠭᠯᠠᠷᠠᠨ᠂ ᠲᠤᠰᠬᠠᠶᠢᠯᠠᠨ ᠸᠠᠩᠳᠠᠨᠨᠢᠮ᠎ᠠ᠂ ᠴᠠᠭᠠᠨᠪᠤᠯᠤᠳ ᠨᠠᠷ ᠤᠨ ᠤᠳᠤᠷᠢᠳᠤᠭᠰᠠᠨ ᠠᠷᠠᠳ ᠤᠨ ᠳᠤᠭᠤᠶᠢᠯᠠᠩ ᠢ | ᠬᠡᠷᠬᠢᠨ ᠳᠠᠷᠤᠩᠭᠤᠶᠢᠯᠠᠬᠤ ᠲᠤᠬᠠᠢ ᠶᠠᠷᠢᠯᠴᠠᠪᠠ᠃ ᠬᠤᠷᠠᠯ ᠳᠡᠭᠡᠷ᠎ᠡ ᠬᠠᠩᠭᠢᠨ ᠬᠤᠰᠢᠭᠤᠨ ᠤ ᠨᠠᠮᠤᠷᠠᠰᠠᠩᠪᠤ ᠵᠠᠬᠢᠷᠤᠭᠴᠢ ᠠᠴᠠ᠄《 ᠬᠦᠴᠦᠨ ᠢᠶᠠᠷ ᠪᠠᠷᠢᠬᠤ ᠠᠨᠤ | ᠠᠷᠭ᠎ᠠ ᠪᠠᠷ ᠪᠠᠷᠢᠬᠤᠢ ᠳᠤᠷ ᠥᠯᠥ ᠬᠦᠷᠦᠮᠤᠢ᠂ ᠥᠪᠡᠷ ᠢᠶᠠᠨ ᠪᠠᠷᠢᠬᠤ ᠠᠨᠤ ᠥᠭᠡᠷ᠎ᠡ ᠬᠥᠮᠦᠨ ᠢᠶᠠᠷ ᠪᠠᠷᠢᠭᠤᠯᠬᠤ ᠳᠤᠷ ᠥᠯᠥ ᠬᠦᠷᠦᠮᠤᠢ 》 ᠭᠡᠮᠡᠭᠰᠡᠨ ᠳᠤᠷ | ᠣᠯᠠᠨ ᠨᠣᠶᠠᠳ ᠳᠦᠰᠢᠮᠡᠳ ᠪᠦᠷ《 ᠳᠡᠭᠡᠳᠦ ᠠᠷᠭ᠎ᠠ 》 ᠭᠡᠮᠡᠨ ᠦᠵᠡᠪᠡ᠃ | ᠢᠩᠬᠢᠭᠡᠳ ᠨᠢᠩᠰᠢᠶᠠ᠂ ᠠᠯᠠᠱᠠ ᠶᠢᠨ ᠡᠷᠬᠡ ᠪᠠᠷᠢᠭᠴᠢᠳ ᠲᠤ《 ᠲᠠ ᠨᠠᠷ ᠴᠠᠭᠠᠨᠪᠤᠯᠤᠳ ᠸᠠᠩᠳᠠᠨᠨᠢᠮ᠎ᠠ ᠨᠠᠷ ᠢ ᠶᠠᠭᠠᠬᠢᠵᠤ ᠰᠢᠢᠳᠪᠦᠷᠢᠯᠡᠭᠰᠡᠨ ᠴᠦ | ᠪᠢᠳᠠᠨ ᠤ ᠳᠤ ᠰᠠᠨᠠᠯ ᠦᠭᠡᠢ 》 ᠭᠡᠮᠡᠨ ᠬᠠᠷᠢᠭᠤ ᠵᠠᠬᠢᠳᠠᠯ ᠶᠠᠪᠤᠭᠤᠯᠪᠠ᠃ ᠨᠢᠩᠰᠢᠶᠠ ᠪᠣᠯᠣᠨ ᠠᠯᠠᠱᠠ ᠶᠢᠨ ᠡᠷᠬᠡ ᠪᠠᠷᠢᠭᠴᠢᠳ ᠡᠨᠡ ᠬᠦ ᠣᠷᠳᠣᠰ ᠶᠡᠭᠡ ᠵᠤᠤ ᠶᠢᠨ | ᠴᠢᠭᠤᠯᠭᠠᠨ ᠤ ᠲᠡᠷᠢᠭᠦᠨ ᠤ ᠭᠠᠵᠠᠷ ᠠᠴᠠ ᠴᠠᠭᠠᠨᠪᠤᠯᠤᠳ ᠸᠠᠩᠳᠠᠨᠨᠢᠮ᠎ᠠ ᠵᠡᠷᠭᠡ ᠶᠢᠨ ᠬᠥᠮᠦᠰ ᠢ ᠪᠠᠷᠢᠪᠴᠢᠯᠠᠨ ᠰᠢᠳᠬᠡᠬᠦ ᠠᠭᠤᠯᠭ᠎ᠠ ᠪᠦᠬᠦᠢ ᠵᠠᠬᠢᠳᠠᠯ ᠢ ᠣᠯᠵᠤ | ᠠᠪᠤᠭᠰᠠᠨ ᠤ ᠲᠡᠷᠡ ᠳᠠᠷᠤᠢ ᠳᠤᠨᠢ᠂ ᠴᠠᠭᠠᠨᠪᠤᠯᠤᠳ ᠸᠠᠩᠳᠠᠨᠨᠢᠮ᠎ᠠ ᠨᠠᠷ ᠢ ᠪᠠᠷᠢᠪᠴᠢᠯᠠᠨ ᠡᠭᠦᠪᠡᠷ ᠠᠳᠡᠬᠢ ᠶᠢᠨ ᠠᠷᠠᠳ ᠤᠨ ᠳᠤᠭᠤᠶᠢᠯᠠᠩ ᠤᠨ ᠵᠡᠪᠰᠡᠭᠲᠦ ᠬᠦᠴᠦᠨ ᠢ | ᠳᠠᠷᠤᠩᠭᠤᠶᠢᠯᠠᠬᠤ ᠲᠥᠯᠥᠪᠯᠡᠭᠡ ᠶᠢ ᠵᠥᠪᠳᠡᠨ ᠲᠣᠭᠲᠠᠪᠠ᠃ | 1913 ᠣᠨ ᠤ ᠪᠢᠯᠢᠭ ᠤᠨ ᠤᠯᠠᠷᠢᠯ ᠤᠨ 6 ᠰᠠᠷ᠎ᠠ ᠶᠢᠨ ᠨᠢᠭᠡᠨ ᠤ ᠡᠳᠦᠷ᠂ ᠨᠢᠩᠰᠢᠶᠠ ᠪᠣᠯᠣᠨ ᠠᠯᠠᠱᠠ ᠶᠢᠨ ᠨᠣᠶᠠᠳ ᠠᠴᠠ ᠨᠡᠷ᠎ᠡ ᠬᠤᠯᠪᠤᠨ ᠵᠠᠬᠢᠳᠠᠯ | ᠴᠢᠮᠡᠭᠡ ᠢᠷᠡᠭᠦᠯᠵᠦ᠂ ᠸᠠᠩᠳᠠᠨᠨᠢᠮ᠎ᠠ ᠲᠠᠢ ᠤᠴᠢᠷ ᠶᠠᠪᠤᠳᠠᠯ ᠵᠥᠪᠳᠡᠨᠡ ᠭᠡᠮᠡᠨ ᠵᠠᠯᠠᠪᠠ᠃ ᠸᠠᠩᠳᠠᠨᠨᠢᠮ᠎ᠠ ᠵᠠᠬᠢᠶ᠎ᠠ ᠪᠢᠴᠢᠭ ᠢ ᠣᠯᠵᠤ ᠠᠪᠤᠮᠠᠭᠴᠠ ᠳᠠᠷᠤᠢ ᠳᠤᠨᠢ | ᠬᠤᠶᠠᠷ ᠬᠠᠮᠠᠭᠠᠯᠠᠭᠴᠢ ᠴᠡᠷᠢᠭ ᠢᠶᠠᠨ ᠳᠠᠭᠠᠭᠤᠯᠤᠨ ᠬᠠᠲᠤᠨ ᠭᠤᠣᠯ ᠤᠨ ᠬᠥᠪᠡᠭᠡᠨ ᠳᠠᠬᠢ ᠭᠡᠭᠡᠨ ᠳᠣᠬᠤᠢ ᠶᠢᠨ ᠬᠤᠢ ᠳ᠋ᠧ ᠴᠧᠩ ᠭᠡᠮᠡᠬᠦ ᠭᠠᠵᠠᠷ ᠲᠠᠬᠢ ᠲᠡᠨᠳᠡ | ᠬᠡᠵᠢᠶᠡᠨᠢ ᠬᠦᠯᠢᠶᠡᠵᠦ ᠪᠠᠶᠢᠭᠰᠠᠨ ᠣᠩᠭᠤᠴᠠᠨ ᠳᠤ ᠭᠠᠷᠪᠠ᠃ ᠣᠩᠭᠤᠴᠠᠨ ᠲᠤᠲᠤᠷ᠎ᠠ ᠪᠥᠭᠬᠦᠵᠦ ᠪᠠᠶᠢᠭᠰᠠᠨ ᠵᠡᠪᠰᠡᠭᠲᠦ ᠴᠡᠷᠢᠭ ᠤᠳ᠂ ᠣᠷᠳᠣᠰ ᠶᠡᠭᠡ ᠵᠤᠤ ᠶᠢᠨ | ᠴᠢᠭᠤᠯᠭᠠᠨ ᠤ ᠲᠡᠷᠢᠭᠦᠨ ᠤ ᠭᠠᠵᠠᠷ ᠠᠴᠠ ᠢᠷᠡᠭᠦᠯᠦᠭᠰᠡᠨ ᠪᠢᠴᠢᠭ ᠵᠠᠬᠢᠶ᠎ᠠ ᠶᠢ ᠲᠤᠯᠭᠠᠨ ᠦᠵᠡᠭᠦᠯᠦᠭᠡᠳ ᠪᠠᠷᠢᠪᠴᠢᠯᠠᠪᠠ᠃ ᠲᠡᠨᠳᠡ ᠠᠴᠠ ᠸᠠᠩᠳᠠᠨᠨᠢᠮ᠎ᠠ ᠵᠡᠷᠭᠡ ᠶᠢᠨ | ᠭᠤᠷᠪᠠᠨ ᠬᠥᠮᠦᠨ ᠪᠠᠷᠢᠪᠴᠢᠯᠠᠭᠳᠠᠨ ᠬᠥᠯᠭᠡ ᠣᠩᠭᠤᠴᠠ ᠪᠠᠷ ᠬᠠᠲᠤᠨ ᠭᠤᠣᠯ ᠢ ᠤᠷᠤᠭᠤᠳᠠᠨ ᠪᠤᠭᠤᠲᠤ ᠵᠦᠭ ᠵᠠᠮᠨᠠᠵᠤ ᠪᠠᠶᠢᠯ᠎ᠠ᠃ ᠴᠠᠭᠠᠨᠪᠤᠯᠤᠳ ᠨᠢᠭᠡ ᠪᠥᠯᠥᠭ | ᠵᠡᠪᠰᠡᠭᠲᠦ ᠴᠡᠷᠢᠭ ᠢᠶᠠᠨ ᠳᠠᠭᠠᠭᠤᠯᠤᠨ ᠬᠦᠷᠦᠯᠴᠡᠨ ᠢᠷᠡᠵᠦ ᠬᠥᠯᠭᠡ ᠣᠩᠭᠤᠴᠠ ᠶᠢ ᠬᠠᠭᠠᠵᠤ᠂ ᠸᠠᠩᠳᠠᠨᠨᠢᠮ᠎ᠠ ᠶᠢ ᠠᠪᠤᠷᠠᠨ ᠠᠪᠬᠤ ᠪᠠᠷ ᠠᠮᠢ ᠴᠥᠯᠡᠨ | ᠪᠠᠶᠢᠯᠳᠤᠭᠰᠠᠨ ᠴᠦ ᠬᠦᠴᠦᠨ ᠮᠡᠭᠦᠰᠳᠡᠵᠦ ᠴᠠᠭᠠᠨᠪᠤᠯᠤᠳ ᠪᠠᠰᠠ ᠲᠡᠳᠡᠨ ᠳᠤ ᠪᠠᠷᠢᠭᠳᠠᠪᠠ᠃ ᠸᠠᠩᠳᠠᠨᠨᠢᠮ᠎ᠠ ᠴᠠᠭᠠᠨᠪᠤᠯᠤᠳ ᠵᠡᠷᠭᠡ ᠨᠡᠶᠢᠲᠡ ᠳᠣᠯᠣᠭᠠᠨ ᠬᠥᠮᠦᠨ ᠢ | ᠲᠤᠰ ᠬᠥᠯᠭᠡ ᠣᠩᠭᠤᠴᠠ ᠪᠠᠷ ᠪᠤᠭᠤᠲᠤ ᠳᠤ ᠬᠦᠷᠭᠡᠵᠦ ᠳᠠᠷᠠᠭ᠎ᠠ ᠨᠢ ᠶᠠᠨ ᠰᠢ ᠱᠠᠨ ᠳᠤ ᠰᠢᠯᠵᠢᠭᠦᠯᠦᠨ ᠥᠭᠴᠦ᠂ ᠱᠠᠨ ᠰᠢ ᠮᠣᠵᠢ ᠶᠢᠨ ᠲᠠᠶᠢᠶᠤᠸᠠᠨ ᠤ | ᠭᠢᠨᠳᠠᠨ ᠳᠤ ᠬᠤᠷᠢᠵᠤ᠂ ᠲᠡᠳᠡᠨ ᠢ ᠡᠯᠳᠡᠪ ᠵᠦᠢᠯ ᠤᠨ ᠬᠠᠯᠠ ᠲᠠᠮᠤ ᠪᠠᠷ ᠶᠠᠷᠭᠠᠨ ᠬᠦᠯᠢᠶᠡᠰᠦ ᠶᠢ ᠨᠢ ᠰᠤᠯᠠᠷᠠᠭᠤᠯᠬᠤ ᠦᠭᠡᠢ ᠮᠥᠷᠲᠡᠭᠡᠨ ᠬᠤᠭᠤᠯᠠ ᠤᠮᠳᠠ ᠴᠦ | ᠢᠳᠡᠬᠦᠯᠭᠦ ᠦᠭᠡᠢ ᠪᠠᠷ ᠳᠠᠷᠤᠩᠭᠤᠶᠢᠯᠠᠵᠤ ᠵᠣᠳᠣᠵᠤ ᠰᠢᠳᠬᠡᠪᠡ᠃ ᠡᠳᠡᠭᠡᠷ ᠪᠠᠷᠢᠪᠴᠢᠯᠠᠭᠳᠠᠨ ᠢᠷᠡᠭᠰᠡᠨ ᠬᠥᠮᠦᠰ ᠢ ᠪᠠᠶᠢᠴᠠᠭᠠᠬᠤ ᠳᠤᠮᠳᠠ ᠸᠠᠩᠳᠠᠨᠨᠢᠮ᠎ᠠ ᠨᠢ | ᠬᠤᠪᠢᠯᠭᠠᠨ ᠪᠠᠨᠳᠢᠳᠠ ᠶᠢᠨ ᠭᠠᠷᠤᠯ ᠲᠠᠢ ᠭᠡᠳᠡᠭ ᠢ ᠮᠡᠳᠡᠵᠦ᠂ ᠳᠠᠷᠤᠶᠢᠬᠠᠨ ᠪᠡᠭᠡᠵᠢᠩ ᠳᠠᠬᠢ ᠶᠤᠸᠠᠨ ᠱᠢ ᠺᠠᠢ ᠶᠢᠨ ᠶᠠᠮᠤᠨ ᠳᠤ ᠮᠡᠳᠡᠭᠦᠯᠪᠡ᠃ ᠶᠤᠸᠠᠨ ᠱᠢ ᠺᠠᠢ | ᠸᠠᠩᠳᠠᠨᠨᠢᠮ᠎ᠠ ᠶᠢ ᠪᠡᠭᠡᠵᠢᠩ ᠳᠤ ᠠᠪᠠᠴᠢᠭᠠᠳ ᠰᠡᠭᠦᠯᠡᠷ ᠨᠢ ᠮᠣᠩᠭᠤᠯᠴᠤᠳ ᠤᠨ ᠲᠤᠲᠤᠷ᠎ᠠ ᠥᠪᠡᠷ ᠤᠨ ᠨᠥᠯᠥᠭᠡ ᠪᠠᠨ ᠥᠷᠭᠡᠳᠬᠡᠬᠦ ᠶᠢᠨ ᠲᠤᠰᠠᠳᠠ ᠲᠡᠭᠦᠨ ᠢ | ᠰᠤᠯᠠᠯᠠᠵᠠᠢ᠃ | ᠸᠠᠩᠳᠠᠨᠨᠢᠮ᠎ᠠ ᠶᠢ ᠪᠡᠭᠡᠵᠢᠩ ᠳᠤ ᠬᠦᠷᠭᠡᠭᠰᠡᠨ ᠤ ᠳᠠᠷᠠᠭ᠎ᠠ᠂ ᠴᠠᠭᠠᠨᠪᠤᠯᠤᠳ ᠵᠡᠷᠭᠡ ᠶᠢᠨ ᠵᠢᠷᠭᠤᠭᠠᠨ ᠬᠥᠮᠦᠨ ᠢ ᠥᠴᠢᠭᠯᠡᠨ ᠰᠢᠬᠠᠵᠤ ᠲᠠᠮᠤᠯᠠᠵᠤ ᠪᠠᠶᠢᠭᠠᠳ | ᠰᠡᠭᠦᠯᠡᠷ ᠨᠢ ᠱᠠᠨ ᠰᠢ ᠮᠣᠵᠢ ᠶᠢᠨ ᠲᠠᠶᠢᠶᠤᠸᠠᠨ ᠳᠤ ᠬᠦᠷᠭᠡᠨ ᠨᠡᠭᠦᠷᠡᠰᠦᠨ ᠠᠭᠤᠷᠬᠠᠢ ᠳᠤ ᠬᠠᠷ᠎ᠠ ᠠᠵᠢᠯ ᠬᠢᠯᠭᠡᠪᠡ᠃ ᠲᠡᠳᠡ ᠬᠠᠷ᠎ᠠ ᠠᠵᠢᠯ ᠬᠢᠵᠦ ᠨᠢᠷᠤᠭᠤ ᠪᠣᠯᠣᠨ | ᠡᠪᠦᠳᠦᠭ ᠨᠢ ᠴᠥᠮ ᠴᠣᠭᠤᠷᠠᠨ ᠵᠣᠪᠠᠵᠤ ᠵᠦᠳᠡᠬᠦ ᠶᠢᠨ ᠲᠦᠢᠯ ᠳᠤ ᠬᠦᠷᠦᠭᠰᠡᠨ ᠪᠠᠶᠢᠪᠠ᠃ ᠴᠠᠭᠠᠨᠪᠤᠯᠤᠳ ᠢᠩᠬᠢᠵᠦ ᠠᠷᠪᠠᠨ ᠵᠢᠯ ᠤᠨ ᠬᠠᠷ᠎ᠠ ᠠᠵᠢᠯ ᠤᠨ ᠬᠠᠯᠠ | ᠲᠠᠮᠤᠯᠠᠯ ᠢᠶᠠᠷ ᠨᠡᠭᠦᠷᠡᠰᠦᠨ ᠠᠭᠤᠷᠬᠠᠢ ᠳᠤ ᠨᠠᠰᠤ ᠨᠥᠭᠴᠢᠪᠡ᠃ | ᠨᠤᠲᠤᠭ ᠤᠰᠤ ᠪᠠᠨ ᠬᠠᠮᠠᠭᠠᠯᠠᠵᠤ᠂ ᠠᠷᠠᠳ ᠲᠦᠮᠡᠨ ᠢᠶᠠᠨ ᠠᠪᠤᠷᠠᠨ ᠳᠡᠳᠬᠦᠬᠦ ᠰᠢᠳᠤᠷᠭᠤ ᠶᠤᠰᠤᠨ ᠤ ᠲᠡᠮᠡᠴᠡᠯ ᠳᠤ ᠥᠪᠡᠷ ᠤᠨ ᠠᠯᠲᠠᠨ ᠠᠮᠢ ᠪᠠᠨ | ᠴᠦᠯᠡᠵᠦ᠂ ᠠᠷᠢᠭᠤᠨ ᠴᠢᠰᠤ ᠪᠠᠨ ᠡᠷᠭᠦᠭᠰᠡᠨ ᠬᠦᠬᠡ ᠮᠣᠩᠭᠤᠯ ᠤᠨ ᠰᠢᠯᠢᠳᠡᠭ ᠦᠷ᠎ᠡ ᠬᠠᠩᠭᠢᠨ ᠪᠠᠭᠠᠲᠤᠷ ᠬᠥᠪᠡᠭᠦᠨ— ᠠᠷᠠᠳ ᠤᠨ ᠳᠤᠭᠤᠶᠢᠯᠠᠩ ᠤᠨ | ᠬᠥᠳᠡᠯᠭᠡᠭᠡᠨ ᠤ ᠭᠠᠷᠮᠠᠭᠠᠢ ᠤᠳᠤᠷᠢᠳᠤᠭᠴᠢ ᠴᠠᠭᠠᠨᠪᠤᠯᠤᠳ ᠦᠨᠢᠳᠡ ᠮᠥᠩᠭᠡ ᠪᠠᠯᠠᠷᠠᠰᠢ ᠦᠭᠡᠢ᠃ | |