| ᠸᠠᠩᠳᠠᠨᠨᠢᠮ᠎ᠠ ︵1872—1926 ᠣᠨ︶ ᠮᠣᠩᠭᠤᠯ ᠦᠨᠳᠦᠰᠦᠲᠡᠨ᠂ ᠬᠤᠪᠢᠯᠭᠠᠨ ᠭᠡᠭᠡᠨ᠂ ᠡᠬᠡ ᠣᠷᠣᠨᠴᠢ ᠬᠤᠪᠢᠰᠬᠠᠯᠴᠢ᠃ | 1872 ᠣᠨ ᠳᠤ ᠶᠡᠭᠡ ᠵᠤᠤ ᠴᠢᠭᠤᠯᠭᠠᠨ ᠤ ᠵᠢᠶᠦ᠋ᠨ ᠸᠠᠩ ᠤᠨ ᠬᠤᠰᠢᠭᠤᠨ ᠤ ᠵᠠᠬᠢᠷᠤᠭᠴᠢ ᠲᠦᠮᠡᠨᠪᠠᠶᠠᠷ ᠤᠨ ᠭᠠᠭᠴᠠ ᠬᠥᠪᠡᠭᠦᠨ ᠨᠢ ᠪᠣᠯᠵᠤ ᠵᠠᠶᠠᠭᠠᠵᠠᠢ | ᠃ 1877 ᠣᠨ ᠳᠤ ᠵᠢᠷᠭᠤᠭᠠᠨ ᠨᠠᠰᠤᠲᠠᠢ ᠸᠠᠩᠳᠠᠨᠨᠢᠮ᠎ᠠ ᠵᠠᠰᠠᠭ ᠬᠤᠰᠢᠭᠤᠨ ᠤ ᠭᠠᠯᠰᠠᠩᠫᠤᠩᠰᠤᠭ ᠤᠨ ᠬᠡᠯᠦᠩ ᠯᠠᠮᠠ ᠶᠢᠨ ᠰᠦᠮ᠎ᠡ ᠶᠢᠨ ᠭᠡᠭᠡᠨ ᠢᠶᠠᠷ | ᠲᠣᠲᠣᠯᠠᠭᠳᠠᠪᠠ᠃ 1887 ᠣᠨ ᠠᠴᠠ ᠬᠥᠬᠡᠨᠠᠭᠤᠷ ᠤᠨ ᠭᠤᠮᠪᠤᠨ᠂ ᠲᠦᠷᠪᠡᠳ ᠤᠨ ᠯᠾᠰᠠ ᠵᠡᠷᠭᠡ ᠭᠠᠵᠠᠷ ᠣᠷᠣᠨ ᠨᠤᠭᠤᠳ ᠢᠶᠠᠷ ᠪᠤᠷᠬᠠᠨ ᠱᠠᠰᠢᠨ ᠤ ᠨᠣᠮ | ᠰᠤᠷᠴᠤ ᠶᠠᠪᠤᠪᠠ᠃ ᠸᠠᠩᠳᠠᠨᠨᠢᠮ᠎ᠠ ᠵᠠᠰᠠᠭ ᠬᠤᠰᠢᠭᠤᠨ ᠤ ᠯᠠᠮᠠ ᠶᠢᠨ ᠰᠦᠮ᠎ᠡ ᠳᠡᠭᠡᠨ ᠬᠠᠷᠢᠵᠤ ᠢᠷᠡᠭᠰᠡᠨ ᠤ ᠳᠠᠷᠠᠭ᠎ᠠ᠂ ᠶᠡᠭᠡ ᠵᠤᠤ ᠶᠢᠨ ᠴᠢᠭᠤᠯᠭᠠᠨ ᠤ ᠱᠠᠰᠢᠨ | ᠰᠤᠷᠲᠠᠬᠤᠨ ᠤ ᠡᠲᠡᠭᠡᠳ ᠤᠨ ᠨᠡᠷ᠎ᠡ ᠠᠯᠳᠠᠷᠲᠤ ᠬᠥᠮᠦᠨ ᠪᠣᠯᠵᠠᠢ᠃ ᠲᠡᠭᠦᠨ ᠤ ᠡᠷᠳᠡᠮ ᠮᠡᠳᠡᠯᠭᠡ ᠨᠢ ᠥᠷᠭᠡᠨ ᠳᠡᠯᠭᠡᠷ ᠮᠥᠷᠲᠡᠭᠡᠨ ᠠᠪᠢᠶᠠᠰ ᠴᠢᠳᠠᠪᠦᠷᠢ ᠨᠢ | ᠣᠯᠠᠨ ᠠᠴᠠ ᠣᠷᠣᠶᠢᠯᠠᠵᠤ᠂ ᠮᠣᠩᠭᠤᠯ ᠲᠥᠪᠡᠳ ᠦᠰᠦᠭ ᠪᠢᠴᠢᠭ ᠪᠠ ᠪᠤᠷᠬᠠᠨ ᠱᠠᠰᠢᠨ ᠤ ᠨᠣᠮ ᠳᠤ ᠨᠡᠪᠲᠡᠷᠡᠭᠰᠡᠨ ᠲᠤᠯᠠ ᠪᠠᠨᠳᠢᠳᠠ ᠴᠣᠯᠠ ᠣᠯᠭᠤᠵᠤ ᠪᠢᠯᠡ᠃ | ᠡᠶᠢᠨᠬᠦ ᠬᠥᠮᠦᠰ ᠲᠡᠭᠦᠨ ᠢ《 ᠪᠠᠨᠳᠢᠳᠠ ᠭᠡᠭᠡᠨ 》 ᠭᠡᠮᠡᠨ ᠭᠦᠨᠳᠦᠳᠬᠡᠨ ᠳᠠᠭᠤᠳᠠᠳᠠᠭ ᠪᠣᠯᠵᠠᠢ᠃ 1902 ᠣᠨ ᠳᠤ᠂ ᠸᠠᠩᠳᠠᠨᠨᠢᠮ᠎ᠠ ᠱᠠᠰᠢᠨ ᠰᠤᠷᠲᠠᠬᠤᠨ ᠤ | ᠠᠵᠢᠯ ᠢᠶᠠᠨ ᠬᠠᠶᠠᠵᠤ᠂ ᠰᠦᠮ᠎ᠡ ᠬᠡᠶᠢᠳ ᠠᠴᠠ ᠰᠠᠯᠵᠤ ᠣᠯᠠᠨ ᠲᠦᠮᠡᠨ ᠢ ᠵᠣᠬᠢᠶᠠᠨ ᠪᠠᠶᠢᠭᠤᠯᠤᠨ ᠰᠤᠷᠲᠠᠯ ᠤᠬᠠᠭᠤᠯᠭ᠎ᠠ ᠬᠢᠪᠡ᠃ ᠲᠡᠭᠦᠨ ᠤ ᠳᠠᠭᠠᠭᠤᠯᠤᠯ | ᠳᠣᠣᠷ᠎ᠠ᠂ ᠵᠠᠰᠠᠭ ᠬᠤᠰᠢᠭᠤᠨ ᠳᠤ ᠶᠡᠭᠡ ᠬᠡᠪᠴᠢᠶᠡᠨ ᠤ ᠳᠤᠭᠤᠶᠢᠯᠠᠩ ᠤᠨ ᠬᠥᠳᠡᠯᠭᠡᠭᠡᠨ ᠦᠷᠨᠢᠵᠤ᠂ ᠵᠢᠳᠠᠨ ᠦᠵᠦᠬᠦᠷ ᠢᠶᠠᠨ ᠴᠢᠩ ᠤᠯᠤᠰ ᠤᠨ ᠵᠠᠰᠠᠭ ᠤᠨ | ᠭᠠᠵᠠᠷ ᠪᠠ ᠮᠣᠩᠭᠤᠯ ᠤᠨ ᠸᠠᠩ ᠭᠦᠩ ᠢᠵᠠᠭᠤᠷᠲᠠᠨ ᠳᠤ ᠬᠠᠨᠳᠤᠭᠤᠯᠵᠤ᠂ ᠲᠡᠳᠡᠨ ᠤ ᠭᠠᠵᠠᠷ ᠲᠠᠷᠢᠶ᠎ᠠ ᠶᠢ ᠪᠤᠯᠢᠶᠠᠨ ᠳᠡᠭᠡᠷᠡᠮᠳᠡᠬᠦ᠂ ᠨᠤᠲᠤᠭ ᠪᠡᠯᠴᠢᠭᠡᠷ ᠢ | ᠡᠪᠳᠡᠯᠡᠵᠦ᠂ ᠬᠤᠰᠢᠭᠤᠨ ᠤ ᠠᠷᠠᠳ ᠲᠦᠮᠡᠨ ᠢ ᠮᠥᠯᠵᠢᠭᠰᠡᠨ ᠬᠠᠷᠭᠢᠰ ᠬᠡᠷᠴᠡᠬᠡᠢ ᠠᠵᠢᠯᠯᠠᠭ᠎ᠠ ᠳᠤ ᠡᠰᠡᠷᠭᠦᠴᠡᠯ ᠶᠠᠪᠤᠭᠤᠯᠪᠠ᠃ ᠳᠤᠭᠤᠶᠢᠯᠠᠩ ᠤᠨ ᠬᠥᠳᠡᠯᠭᠡᠭᠡᠨ ᠳᠤ | ᠣᠷᠣᠯᠴᠠᠭᠰᠠᠨ ᠣᠯᠠᠨ ᠲᠦᠮᠡᠨ ᠲᠡᠳᠡᠭᠡᠷ ᠭᠠᠵᠠᠷ ᠰᠢᠷᠤᠢ ᠶᠢ ᠬᠡᠮᠵᠢᠨ ᠬᠤᠪᠢᠶᠠᠭᠰᠠᠨ ᠨᠣᠶᠠᠳ ᠠᠯᠪᠠᠲᠠᠨ ᠲᠠᠢ ᠠᠰ ᠲᠤᠯᠤᠨ ᠠᠪᠤᠨ ᠬᠠᠷᠢᠭᠤᠴᠠᠨ ᠲᠡᠮᠡᠴᠡᠯ ᠬᠢᠵᠦ᠂ | ᠲᠡᠳᠡᠨ ᠤ ᠭᠡᠷ ᠪᠠᠶᠢᠰᠢᠩ ᠢ ᠡᠪᠳᠡᠯᠡᠵᠦ᠂ ᠭᠠᠶᠢᠯᠢ ᠲᠠᠲᠠᠪᠦᠷᠢ ᠬᠤᠷᠢᠶᠠᠬᠤ ᠶᠢ ᠡᠰᠡᠷᠭᠦᠴᠡᠬᠦ ᠶᠢᠨ ᠬᠠᠮᠲᠤ᠂ ᠸᠠᠩᠳᠠᠨᠨᠢᠮ᠎ᠠ ᠪᠠᠰᠠ ᠵᠡᠭᠦᠨᠭᠠᠷ ᠬᠤᠰᠢᠭᠤᠨ ᠤ ᠳᠠᠮᠪᠠᠨ | ᠴᠣᠭᠳᠦ᠋ᠭᠦᠷᠡᠩ ᠤᠨ ᠳᠤᠭᠤᠶᠢᠯᠠᠩ᠂ ᠳᠠᠯᠠᠳ ᠬᠤᠰᠢᠭᠤᠨ ᠤ ᠠᠶᠤᠷᠽᠠᠨ᠎ᠠ ᠶᠢᠨ ᠳᠤᠭᠤᠶᠢᠯᠠᠩ᠂ ᠦᠦᠰᠢᠨ ᠬᠤᠰᠢᠭᠤᠨ ᠤ ᠰᠢᠨᠡᠯᠠᠮ᠎ᠠ ᠶᠢᠨ ᠳᠤᠭᠤᠶᠢᠯᠠᠩ᠂ ᠬᠠᠩᠭᠢᠨ | ᠬᠤᠰᠢᠭᠤᠨ ᠤ ᠴᠠᠭᠠᠨᠪᠤᠯᠤᠳ ᠤᠨ ᠳᠤᠭᠤᠶᠢᠯᠠᠩ᠂ ᠣᠲᠤᠭ ᠬᠤᠰᠢᠭᠤᠨ ᠤ ᠠᠷᠠᠯ ᠤᠨ ᠯᠠᠮᠠ ᠵᠡᠷᠭᠡ ᠭᠠᠵᠠᠷ ᠲᠠᠯᠪᠢᠭᠰᠠᠳ ᠢ ᠡᠰᠡᠷᠭᠦᠴᠡᠭᠰᠡᠨ ᠠᠵᠢᠯᠯᠠᠭ᠎ᠠ ᠶᠢ | ᠢᠳᠡᠪᠬᠢᠲᠡᠢ ᠪᠠᠷ ᠳᠡᠮᠵᠢᠵᠡᠢ᠃ | 1903 ᠣᠨ ᠤ ᠬᠠᠪᠤᠷ᠂ ᠵᠠᠰᠠᠭ ᠬᠤᠰᠢᠭᠤᠨ ᠤ ᠮᠠᠯᠴᠢᠨ ᠲᠦᠮᠡᠨ ᠸᠠᠩᠳᠠᠨᠨᠢᠮ᠎ᠠ ᠶᠢ ᠵᠠᠰᠠᠭ ᠬᠤᠰᠢᠭᠤᠨ ᠤ ᠳᠤᠭᠤᠶᠢᠯᠠᠩ ᠤᠨ ᠬᠥᠳᠡᠯᠭᠡᠭᠡᠨ ᠤ | ᠤᠳᠤᠷᠢᠳᠤᠭᠴᠢ ᠪᠠᠷ ᠰᠤᠩᠭᠤᠪᠠ᠃ ᠡᠨᠡ ᠦᠶ᠎ᠡ ᠠᠴᠠ ᠡᠬᠢᠯᠡᠨ ᠸᠠᠩᠳᠠᠨᠨᠢᠮ᠎ᠠ ᠬᠢᠭᠡᠳ ᠵᠠᠰᠠᠭ ᠬᠤᠰᠢᠭᠤᠨ ᠤ ᠸᠠᠩ ᠱᠠᠭᠳᠠᠷᠵᠠᠪ ᠤᠨ ᠬᠤᠭᠤᠷᠣᠨᠳᠤᠬᠢ ᠵᠥᠷᠢᠴᠡᠯ | ᠶᠠᠪᠤᠬᠤ ᠳᠤᠲᠤᠮ ᠢᠶᠠᠨ ᠬᠤᠷᠴᠠ ᠰᠢᠷᠦᠭᠦᠨ ᠪᠣᠯᠵᠤ᠂ ᠸᠠᠩᠳᠠᠨᠨᠢᠮ᠎ᠠ ᠶᠢᠨ ᠠᠮᠢ ᠨᠠᠰᠤ ᠠᠳᠠᠯ ᠦᠢᠯᠡᠰ ᠲᠤ ᠠᠶᠤᠯ ᠲᠦᠭᠰᠢᠭᠦᠷᠢ ᠲᠠᠢ ᠪᠣᠯᠪᠠ᠃ 1906 ᠣᠨ ᠳᠤ | ᠸᠠᠩᠳᠠᠨᠨᠢᠮ᠎ᠠ ᠲᠡᠭᠦᠨ ᠤ ᠱᠠᠪᠢ ᠴᠠᠬᠠᠷ ᠰᠦᠷᠦᠮ ᠬᠠᠮᠲᠤ ᠪᠠᠰᠠ ᠨᠢᠭᠡ ᠱᠠᠪᠢ ︵ᠨᠡᠷ᠎ᠡ ᠨᠢ ᠣᠯᠳᠠᠭᠰᠠᠨ ᠦᠭᠡᠢ︶ ᠪᠠᠨ ᠳᠠᠭᠠᠭᠤᠯᠤᠨ ᠵᠠᠰᠠᠭ ᠬᠤᠰᠢᠭᠤᠨ ᠤ | ᠯᠠᠮᠠ ᠶᠢᠨ ᠰᠦᠮ᠎ᠡ ᠠᠴᠠ ᠭᠠᠷᠤᠭᠠᠳ ᠶᠡᠭᠡ ᠵᠤᠤ ᠶᠢᠨ ᠴᠢᠭᠤᠯᠭᠠᠨ ᠤ ᠡᠯ᠎ᠡ ᠬᠤᠰᠢᠭᠤ ᠪᠠ ᠤᠯᠠᠭᠠᠨᠴᠠᠪ ᠠᠶᠢᠮᠠᠭ᠂ ᠴᠠᠬᠠᠷ ᠤᠨ ᠡᠯ᠎ᠡ ᠬᠤᠰᠢᠭᠤ ᠪᠣᠯᠣᠨ | ᠪᠣᠷᠣᠳᠣᠬᠤᠢ ᠵᠡᠷᠭᠡ ᠭᠠᠵᠠᠷ ᠢᠶᠠᠷ ᠲᠣᠭᠤᠷᠢᠪᠠ᠃ ᠡᠨᠡ ᠬᠤᠭᠤᠴᠠᠭᠠᠨ ᠳᠤ᠂ ᠸᠠᠩᠳᠠᠨᠨᠢᠮ᠎ᠠ ᠰᠦᠨ ᠵᠦᠩ ᠱᠠᠨ ᠠᠪᠤᠭᠠᠢ ᠶᠢᠨ ᠠᠷᠠᠳᠴᠢᠯᠠᠭᠰᠠᠨ ᠬᠤᠪᠢᠰᠬᠠᠯ ᠤᠨ | ᠦᠵᠡᠯ ᠰᠠᠨᠠᠭ᠎ᠠ ᠶᠢ ᠬᠦᠯᠢᠶᠡᠵᠦ᠂ ᠹᠸᠤᠳᠠᠯ ᠤᠨ ᠨᠡᠶᠢᠭᠡᠮ ᠤᠨ ᠢᠯᠵᠠᠷᠠᠮᠠᠯ ᠪᠠ ᠡᠵᠡᠷᠬᠡᠭ ᠳᠦᠷᠢᠮᠡᠬᠡᠶᠢᠲᠡᠨ ᠤ ᠭᠠᠯᠵᠠᠭᠤᠷᠠᠭᠰᠠᠨ ᠮᠡᠲᠦ ᠳᠡᠭᠡᠷᠡᠮᠳᠡᠯ ᠶᠠᠪᠤᠭᠤᠯᠤᠭᠰᠠᠨ | ᠶᠠᠯᠠᠲᠤ ᠠᠵᠢᠯᠯᠠᠭ᠎ᠠ ᠶᠢ ᠤᠯᠠᠮ ᠨᠢᠭᠡ ᠠᠯᠬᠤᠮ ᠲᠠᠨᠢᠪᠠ᠃ | ᠵᠠᠰᠠᠭ ᠬᠤᠰᠢᠭᠤᠨ ᠤ ᠮᠠᠯᠴᠢᠨ ᠲᠦᠮᠡᠨ ᠸᠠᠩᠳᠠᠨᠨᠢᠮ᠎ᠠ ᠶᠢ ᠴᠠᠬᠠᠷ ᠨᠤᠲᠤᠭ ᠲᠤ ᠲᠦᠢᠯ ᠤᠨ ᠬᠦᠴᠢᠷᠳᠡᠯ ᠲᠠᠢ ᠠᠮᠢᠳᠤᠷᠠᠵᠤ ᠪᠠᠶᠢᠬᠤ ᠶᠢ ᠣᠯᠵᠤ ᠮᠡᠳᠡᠭᠡᠳ | ᠪᠠᠨᠳᠢᠳᠠ ᠭᠡᠭᠡᠨ ᠢ ᠨᠤᠲᠤᠭ ᠲᠠᠭᠠᠨ ᠵᠠᠯᠠᠵᠤ ᠠᠪᠴᠢᠷᠠᠬᠤ ᠪᠠᠷ ᠬᠤᠰᠢᠭᠤ ᠵᠠᠰᠠᠭ ᠢ ᠱᠠᠭᠠᠷᠳᠠᠭᠰᠠᠨ ᠪᠠᠶᠢᠨ᠎ᠠ᠃ ᠪᠦᠬᠦ ᠬᠤᠰᠢᠭᠤᠨ ᠤ ᠳᠤᠤᠷ᠎ᠠ ᠲᠡᠰ ᠤᠨ ᠠᠯᠪᠠᠲᠠᠳ | ᠪᠣᠯᠣᠨ ᠠᠷᠠᠳ ᠢᠷᠭᠡᠳ ᠤᠨ ᠬᠦᠴᠦᠲᠡᠢ ᠱᠠᠭᠠᠷᠳᠠᠯᠭ᠎ᠠ ᠶᠢᠨ ᠳᠤᠤᠷ᠎ᠠ᠂ ᠬᠤᠰᠢᠭᠤ ᠵᠠᠰᠠᠭ ᠰᠠᠶ᠋ᠢ ᠠᠷᠭ᠎ᠠ ᠪᠤᠰᠤ ᠸᠠᠩᠳᠠᠨᠨᠢᠮ᠎ᠠ ᠶᠢ ᠵᠠᠰᠠᠭ ᠬᠤᠰᠢᠭᠤᠨ ᠳᠤ | ᠠᠪᠴᠢᠷᠠᠪᠠ᠃ ᠲᠡᠷᠡ ᠬᠤᠰᠢᠭᠤᠨ ᠳᠠᠭᠠᠨ ᠢᠷᠡᠭᠰᠡᠨ ᠤ ᠳᠠᠷᠠᠭ᠎ᠠ᠂ ᠬᠤᠰᠢᠭᠤᠨ ᠤ ᠪᠠᠨ ᠣᠯᠠᠨ ᠲᠦᠮᠡᠨ ᠳᠤ ᠰᠦᠨ ᠵᠦᠩ ᠱᠠᠨ ᠠᠪᠤᠭᠠᠢ ᠶᠢᠨ ᠬᠤᠪᠢᠰᠬᠠᠯ ᠤᠨ | ᠵᠣᠷᠢᠯᠲᠠ ᠶᠢ ᠤᠬᠠᠭᠤᠯᠤᠨ᠂ ᠡᠯ᠎ᠡ ᠭᠠᠵᠠᠷ ᠲᠤ ᠮᠠᠨᠵᠤ ᠴᠢᠩ ᠤᠨ ᠨᠣᠶᠠᠷᠬᠠᠯ ᠢ ᠡᠰᠡᠷᠭᠦᠴᠡᠭᠰᠡᠨ ᠬᠤᠪᠢᠰᠬᠠᠯᠲᠤ ᠲᠡᠮᠡᠴᠡᠯ ᠤᠨ ᠪᠠᠶᠢᠳᠠᠯ ᠢ ᠲᠠᠨᠢᠯᠴᠠᠭᠤᠯᠵᠤ᠂ | ᠳᠤᠭᠤᠶᠢᠯᠠᠩ ᠤᠨ ᠬᠥᠳᠡᠯᠭᠡᠭᠡᠨ ᠢ ᠦᠷᠭᠦᠯᠵᠢᠯᠡᠨ ᠵᠣᠬᠢᠶᠠᠨ ᠪᠠᠶᠢᠭᠤᠯᠤᠨ᠂ ᠹᠸᠤᠳᠠᠯ ᠤᠨ ᠸᠠᠩ ᠭᠦᠩ ᠢᠵᠠᠭᠤᠷᠲᠠᠨ ᠢ ᠡᠰᠡᠷᠭᠦᠴᠡᠨ᠂ ᠭᠠᠵᠠᠷ ᠲᠠᠯᠪᠢᠬᠤ ᠶᠢ | ᠡᠰᠡᠷᠭᠦᠴᠡᠬᠦ ᠪᠠᠷ ᠮᠠᠯᠴᠢᠨ ᠲᠦᠮᠡᠨ ᠢ ᠤᠷᠢᠶᠠᠯᠠᠭᠰᠠᠨ ᠪᠠᠶᠢᠨ᠎ᠠ᠃ ᠭᠡᠲᠡᠯ᠎ᠡ ᠸᠠᠩ ᠭᠦᠩ ᠢᠵᠠᠭᠤᠷᠲᠠᠨ ᠠᠴᠠ ᠸᠠᠩᠳᠠᠨᠨᠢᠮ᠎ᠠ ᠶᠢᠨ ᠲᠥᠪ ᠶᠤᠰᠤᠨ ᠤ ᠠᠵᠢᠯᠯᠠᠭ᠎ᠠ ᠶᠢ | ᠬᠠᠷᠢᠨ《 ᠠᠷᠠᠳ ᠢᠷᠭᠡᠨ ᠢ ᠥᠲᠦᠭᠡᠵᠦ᠂ ᠬᠤᠰᠢᠭᠤ ᠨᠤᠲᠤᠭ ᠢ ᠰᠠᠮᠠᠭᠤᠷᠠᠭᠤᠯᠪᠠ 》 ᠭᠡᠵᠦ ᠭᠦᠳᠬᠡᠨ᠂ ᠳᠤᠭᠤᠶᠢᠯᠠᠩ ᠤᠨ ᠬᠥᠳᠡᠯᠭᠡᠭᠡᠨ ᠢ ᠬᠠᠷ᠎ᠠ ᠬᠤᠣᠷᠲᠠᠢ | ᠠᠷᠭ᠎ᠠ ᠪᠠᠷ ᠳᠠᠷᠤᠩᠭᠤᠶᠢᠯᠠᠵᠤ᠂ ᠠᠷᠭ᠎ᠠ ᠪᠦᠬᠦᠨ ᠢ ᠰᠥᠪᠡᠭᠴᠢᠯᠡᠨ ᠠᠷᠠᠳ ᠣᠯᠠᠨ ᠤ ᠲᠡᠮᠡᠴᠡᠯ ᠤᠨ ᠭᠠᠯ ᠢ ᠤᠨᠲᠠᠷᠠᠭᠠᠬᠤ ᠪᠠᠷ ᠣᠷᠣᠯᠳᠤᠪᠠ᠃ ᠡᠶᠢᠮᠦ ᠪᠠᠶᠢᠳᠠᠯ | ᠳᠣᠣᠷ᠎ᠠ᠂ ᠸᠠᠩᠳᠠᠨᠨᠢᠮ᠎ᠠ ᠬᠤᠶᠠᠳᠡᠬᠢ ᠤᠳᠠᠭ᠎ᠠ ᠠᠷᠭ᠎ᠠ ᠪᠤᠰᠤ ᠵᠠᠰᠠᠭ ᠬᠤᠰᠢᠭᠤᠨ ᠠᠴᠠ ᠰᠠᠯᠵᠤ ᠶᠠᠪᠤᠪᠠ᠃ | 1908 ᠣᠨ ᠳᠤ᠂ ᠸᠠᠩᠳᠠᠨᠨᠢᠮ᠎ᠠ᠂ ᠬᠠᠩᠭᠢᠨ ᠬᠤᠰᠢᠭᠤᠨ ᠤ ᠳᠤᠭᠤᠶᠢᠯᠠᠩ ᠤᠨ ᠬᠥᠳᠡᠯᠭᠡᠭᠡᠨ ᠤ ᠤᠳᠤᠷᠢᠳᠤᠭᠴᠢ ᠴᠠᠭᠠᠨᠪᠤᠯᠤᠳ ᠪᠣᠯᠣᠨ ᠳᠠᠯᠠᠳ | ᠬᠤᠰᠢᠭᠤᠨ ᠤ ᠨᠠᠮᠵᠢᠯ ᠵᠡᠷᠭᠡ ᠬᠥᠮᠦᠰ ᠲᠠᠢ ᠬᠠᠮᠲᠤᠷᠠᠨ᠂ ᠬᠠᠩᠭᠢᠨ ᠬᠤᠰᠢᠭᠤ᠂ ᠳᠠᠯᠠᠳ ᠬᠤᠰᠢᠭᠤ ᠵᠢᠴᠢ ᠠᠯᠠᠱᠠᠨ ᠬᠤᠰᠢᠭᠤᠨ ᠤ ᠵᠡᠭᠦᠨ ᠭᠡᠰᠡᠭ ᠤᠨ ᠮᠠᠯᠴᠢᠳ ᠢ | ᠳᠠᠶᠢᠴᠢᠯᠠᠨ ᠤᠳᠤᠷᠢᠳᠴᠤ᠂ ᠳᠤᠭᠤᠶᠢᠯᠠᠩ ᠤᠨ ᠬᠥᠳᠡᠯᠭᠡᠭᠡᠨ ᠤ ᠬᠦᠴᠦᠨ ᠢ ᠪᠤᠵᠠᠭᠠᠶᠢᠷᠠᠭᠤᠯᠤᠨ ᠦᠷᠭᠦᠯᠵᠢᠯᠡᠨ ᠸᠠᠩ ᠨᠣᠶᠠᠳ ᠪᠠ ᠨᠤᠲᠤᠭ ᠤᠨ ᠬᠠᠷᠭᠢᠰᠴᠤᠳ | ᠲᠠᠢ ᠲᠡᠮᠡᠴᠡᠯ ᠶᠠᠪᠤᠭᠤᠯᠪᠠ᠃ ᠲᠡᠮᠡᠴᠡᠯ ᠤᠨ ᠳᠤᠮᠳᠠ ᠪᠠᠨ ᠸᠠᠩᠳᠠᠨᠨᠢᠮ᠎ᠠ ᠥᠩᠭᠡᠷᠡᠭᠰᠡᠨ ᠤ ᠲᠡᠮᠡᠴᠡᠯ ᠤᠨ ᠲᠤᠷᠰᠢᠯᠭ᠎ᠠ ᠰᠤᠷᠭᠠᠮᠵᠢ ᠪᠠᠨ ᠳ᠋ᠦᠩᠨᠡᠭᠡᠳ᠂ | ᠳᠤᠭᠤᠶᠢᠯᠠᠩ ᠤᠨ ᠬᠥᠳᠡᠯᠭᠡᠭᠡᠨ ᠤ ᠦᠷ᠎ᠡ ᠪᠥᠲᠦᠭᠡᠯ ᠢ ᠪᠠᠬᠢᠵᠢᠭᠦᠯᠦᠨ ᠬᠥᠭᠵᠢᠭᠦᠯᠬᠦ ᠳᠤ ᠡᠷᠬᠡᠪᠰᠢ ᠳᠠᠶᠢᠰᠤᠨ ᠳᠤ ᠬᠦᠴᠦᠲᠡᠢ ᠴᠣᠬᠢᠯᠲᠠ ᠥᠭᠴᠦ᠂ ᠵᠡᠪᠰᠡᠭᠲᠦ | ᠬᠦᠴᠦᠨ ᠢ ᠵᠣᠬᠢᠶᠠᠨ ᠪᠠᠶᠢᠭᠤᠯᠬᠤ ᠬᠡᠷᠡᠭᠲᠡᠢ ᠭᠡᠳᠡᠭ ᠢ ᠭᠦᠨᠵᠡᠭᠡᠢ ᠣᠯᠵᠤ ᠲᠠᠨᠢᠪᠠ᠃ ᠲᠡᠭᠡᠭᠡᠳ ᠲᠡᠭᠦᠨ ᠤ ᠰᠠᠨᠠᠭᠠᠴᠢᠯᠠᠭ᠎ᠠ ᠪᠠ ᠴᠢᠷᠮᠠᠶᠢᠯᠭ᠎ᠠ ᠳᠤᠤᠷ᠎ᠠ᠂ ᠡᠳᠡᠭᠡᠷ | ᠭᠠᠵᠠᠷ ᠤᠨ ᠳᠤᠭᠤᠶᠢᠯᠠᠩ ᠤᠨ ᠬᠥᠳᠡᠯᠭᠡᠭᠡᠨ ᠨᠢ ᠵᠡᠪᠰᠡᠭᠲᠦ ᠬᠦᠴᠦᠨ ᠢᠶᠠᠨ ᠢᠳᠡᠪᠬᠢᠲᠡᠢ ᠥᠷᠭᠡᠳᠬᠡᠨ᠂ ᠣᠬᠤᠷᠬᠠᠨ ᠬᠤᠭᠤᠴᠠᠭᠠᠨ ᠤ ᠲᠤᠲᠤᠷ᠎ᠠ ᠵᠠᠭᠤ ᠭᠠᠷᠤᠢ | ᠭᠠᠷ ᠫᠤᠤ᠂ ᠶᠠᠪᠠᠭᠠᠨ ᠫᠤᠤ ᠶᠢ ᠴᠤᠭᠯᠠᠭᠤᠯᠤᠭᠠᠳ ᠨᠢᠭᠡᠨ ᠰᠠᠯᠠᠭ᠎ᠠ 200 ᠢᠯᠡᠭᠦᠦ ᠬᠥᠮᠦᠨ ᠲᠠᠢ ᠠᠷᠠᠳ ᠤᠨ ᠵᠡᠪᠰᠡᠭᠲᠦ ᠬᠦᠴᠦᠨ ᠢ ᠵᠣᠬᠢᠶᠠᠨ ᠪᠠᠶᠢᠭᠤᠯᠪᠠ᠃ | ᠲᠡᠷᠡ ᠬᠠᠩᠭᠢᠨ ᠬᠤᠰᠢᠭᠤᠨ ᠤ ᠭᠡᠭᠡᠨ ᠳᠣᠬᠤᠢ ᠳᠤ᠂ ᠵᠡᠭᠦᠨᠭᠠᠷ ᠬᠤᠰᠢᠭᠤᠨ ᠤ ᠨᠤᠲᠤᠭ ᠲᠠᠢ᠂ ᠭᠡᠭᠡᠨ ᠳᠣᠬᠤᠢ ᠳᠤ ᠥᠰᠴᠦ ᠪᠣᠶᠢᠵᠢᠭᠰᠠᠨ ᠬᠡᠦᠬᠡᠨ ᠣᠶᠣᠨᠲᠤᠳᠢ | ᠲᠠᠢ ᠰᠠᠶᠢᠨ ᠳᠤᠷ᠎ᠠ ᠶᠢᠨ ᠣᠷᠤᠭ ᠪᠠᠷᠢᠯᠳᠤᠵᠤ ᠭᠡᠷ ᠪᠥᠯᠢ ᠪᠣᠯᠪᠠ᠃ ᠣᠶᠤᠨᠲᠣᠳᠢ ᠲᠠᠢ ᠤᠷᠤᠭᠯᠠᠭᠰᠠᠨ ᠤ ᠪᠠᠨ ᠭᠤᠷᠪᠠᠳᠤᠭᠠᠷ ᠡᠳᠦᠷ ᠭᠡᠭᠡᠨ ᠳᠣᠬᠤᠢ ᠳᠤ《 | ᠵᠢᠷᠭᠠᠯᠠᠩ ᠤᠨ ᠣᠪᠤᠭ᠎ᠠ 》① ᠶᠢ ᠪᠣᠰᠬᠠᠵᠤ ᠠᠶᠢᠯ ᠭᠡᠷ ᠪᠣᠯᠵᠤ ᠠᠮᠢᠳᠤᠷᠠᠭᠰᠠᠨ ᠢᠶᠠᠨ ᠳᠤᠷᠠᠰᠬᠠᠪᠠ᠃ | ᠮᠥᠨᠴᠦ ᠴᠡᠷᠢᠭ ᠪᠠᠶᠢᠯᠳᠤᠭᠴᠢᠳ ᠤᠨ ᠢᠶᠠᠨ ᠵᠠᠷᠯᠢᠭ ᠳᠠᠭᠠᠵᠤ᠂ ᠲᠠᠩᠭᠠᠷᠢᠭ ᠢᠶᠠᠨ ᠵᠢᠷᠤᠮᠯᠠᠬᠤ᠂ ᠮᠠᠯᠴᠢᠳ ᠲᠦᠮᠡᠨ ᠤ ᠪᠠᠨ ᠡᠩᠬᠡ ᠵᠢᠷᠭᠠᠯᠠᠩ ᠲᠠᠢ | ᠠᠮᠢᠳᠤᠷᠠᠬᠤ ᠶᠢᠨ ᠳᠠᠭᠠᠳᠬᠠᠯ ᠪᠣᠯᠭᠠᠵᠠᠢ᠃ | 1912 ᠣᠨ ᠳᠤ ᠸᠠᠩᠳᠠᠨᠨᠢᠮ᠎ᠠ ᠶᠢᠨ ᠠᠷᠠᠳ ᠤᠨ ᠵᠡᠪᠰᠡᠭᠲᠦ ᠬᠦᠴᠦᠨ ᠠᠷᠤ ᠮᠣᠩᠭᠤᠯ ᠤᠨ ᠴᠡᠷᠢᠭ ᠠᠩᠭᠢ ᠠᠴᠠ ᠫᠤᠤ ᠵᠡᠪᠰᠡᠭ ᠤᠨ ᠲᠤᠰᠠᠯᠠᠮᠵᠢ | ᠣᠯᠣᠭᠰᠠᠨ ᠢᠶᠠᠷ ᠪᠠᠷᠠᠬᠤ ᠦᠭᠡᠢ᠂ ᠮᠣᠩᠭᠤᠯ ᠦᠨᠳᠦᠰᠦᠲᠡᠨ ᠤ ᠲᠤᠰᠠᠭᠠᠷ ᠲᠣᠭᠲᠠᠨᠢᠯ ᠤᠨ ᠲᠥᠯᠦᠭᠡ ᠲᠡᠮᠡᠴᠡᠬᠦ ᠬᠠᠮᠲᠤ ᠶᠢᠨ ᠬᠠᠷᠠᠯᠲᠠ ᠲᠠᠢ ᠪᠠᠷ ᠲᠡᠮᠡᠴᠡᠯ ᠢᠶᠠᠨ | ᠦᠷᠨᠢᠭᠦᠯᠪᠡ᠃ | ᠸᠠᠩᠳᠠᠨᠨᠢᠮ᠎ᠠ ᠶᠢᠨ ᠬᠤᠪᠢᠰᠬᠠᠯᠲᠤ ᠲᠡᠮᠡᠴᠡᠯ ᠤᠨ ᠬᠦᠴᠦᠨ ᠶᠡᠭᠡ ᠵᠤᠤ ᠴᠢᠭᠤᠯᠭᠠᠨ ᠤ ᠬᠠᠲᠤᠨ ᠭᠤᠣᠯ ᠤᠨ ᠬᠤᠶᠠᠷ ᠬᠥᠪᠡᠭᠡ ᠳᠠᠭᠠᠤ᠂ ᠠᠯᠠᠱᠠ ᠶᠢᠨ ᠵᠡᠭᠦᠨ | ᠪᠡᠶ᠎ᠡ᠂ ᠤᠯᠠᠭᠠᠨᠴᠠᠪ ᠴᠢᠭᠤᠯᠭᠠᠨ ᠤ ᠤᠯᠠᠭᠠᠨ ᠳᠣᠪᠣᠩ ᠬᠦᠷᠲᠡᠯ᠎ᠡ ᠥᠷᠭᠡᠵᠢᠵᠦ᠂ ᠮᠣᠩᠭᠤᠯ ᠦᠨᠳᠦᠰᠦᠲᠡᠨ ᠤ ᠮᠠᠯᠴᠢᠳ ᠠᠷᠠᠳ ᠤᠨ ᠲᠠᠷᠢᠶᠠᠨ ᠤ ᠭᠠᠵᠠᠷ᠂ | ᠨᠤᠲᠤᠭ ᠪᠡᠯᠴᠢᠭᠡᠷ᠂ ᠠᠳᠤᠭᠤ ᠮᠠᠯ ᠢ ᠪᠤᠯᠢᠶᠠᠨ ᠳᠡᠭᠡᠷᠡᠮᠳᠡᠵᠦ ᠪᠠᠶᠢᠭᠰᠠᠨ ᠬᠤᠪᠳᠤᠭ ᠨᠣᠶᠠᠳ ᠠᠪᠯᠢᠭᠠᠴᠢ ᠳᠦᠰᠢᠮᠡᠯ᠂ ᠨᠣᠲᠤᠭ ᠤᠨ ᠬᠠᠷᠭᠢᠰᠴᠤᠳ᠂ ᠵᠠᠯᠢᠬᠠᠢ | ᠭᠠᠵᠠᠷ ᠤᠨ ᠡᠵᠡᠨ᠂ ᠵᠠᠬ᠎ᠠ ᠶᠢᠨ ᠠᠷᠠᠯᠵᠢᠶᠠᠴᠢᠨ ᠬᠤᠳᠠᠯᠳᠤᠭᠠᠴᠢᠳ ᠲᠤ ᠥᠷᠭᠡᠨ ᠬᠡᠪᠴᠢᠶᠡᠨ ᠤ ᠲᠡᠮᠡᠴᠡᠯ ᠶᠠᠪᠤᠭᠤᠯᠤᠭᠠᠳ᠂ ᠹᠸᠤᠳᠠᠯ ᠸᠠᠩ ᠭᠦᠩ | ᠢᠵᠠᠭᠤᠷᠲᠠᠨ ᠤ ᠳᠡᠷᠰᠯᠡᠭᠦᠦ ᠨᠣᠶᠠᠷᠬᠠᠯ ᠳᠤ ᠬᠦᠴᠦᠲᠡᠢ ᠴᠣᠬᠢᠯᠲᠠ ᠥᠭᠴᠡᠢ᠃ ᠸᠠᠩᠳᠠᠨᠨᠢᠮ᠎ᠠ ᠶᠢᠨ ᠠᠷᠠᠳ ᠤᠨ ᠵᠡᠪᠰᠡᠭᠲᠦ ᠬᠦᠴᠦᠨ ᠤ ᠴᠣᠬᠢᠯᠲᠠ ᠳᠤ ᠬᠤᠬᠢᠷᠠᠯ | ᠰᠦᠢᠳᠦᠯ ᠠᠮᠰᠠᠭᠰᠠᠨ ᠲᠡᠳᠡᠭᠡᠷ ᠹᠸᠥᠳᠠᠯ ᠤᠨ ᠳᠡᠷᠰᠯᠡᠭᠦᠦ ᠡᠲᠡᠭᠡᠳ ᠶᠡᠭᠡ ᠵᠤᠤ ᠴᠢᠭᠤᠯᠭᠠᠨ ᠤ ᠳ᠋ᠠ ᠶᠢᠨ ᠭᠠᠵᠠᠷ ᠲᠤ ᠣᠯᠠᠨᠲᠠ ᠵᠠᠷᠭᠤ ᠵᠠᠭᠠᠯᠳᠤᠯᠭ᠎ᠠ ᠲᠠᠯᠪᠢᠭᠠᠳ | ᠲᠤᠰᠠ ᠪᠣᠯᠣᠭᠰᠠᠨ ᠦᠭᠡᠢ ᠲᠤᠯᠠ ᠨᠢᠩᠰᠢᠶᠠ ᠶᠢᠨ ᠡᠷᠬᠡ ᠪᠠᠷᠢᠭᠴᠢᠳ ᠪᠣᠯᠣᠨ ᠠᠯᠠᠱᠠ ᠴᠢᠨ ᠸᠠᠩ ᠤᠨ ᠬᠤᠰᠢᠭᠤᠨ ᠵᠠᠰᠠᠭ ᠲᠤ ᠵᠠᠭᠠᠯᠳᠤᠪᠠ᠃ ᠨᠢᠩᠰᠢᠶᠠ᠂ | ᠠᠯᠠᠱᠠ ᠶᠢᠨ ᠡᠷᠬᠡ ᠪᠠᠷᠢᠭᠴᠢᠳ ᠬᠠᠷᠢᠯᠴᠠᠨ ᠬᠤᠣᠪᠢᠯᠳᠤᠨ ᠸᠠᠩᠳᠠᠨᠨᠢᠮ᠎ᠠ ᠶᠢᠨ ᠠᠷᠠᠳ ᠤᠨ ᠵᠡᠪᠰᠡᠭᠲᠦ ᠬᠦᠴᠦᠨ ᠢ《 ᠭᠠᠵᠠᠷ ᠣᠷᠣᠨ ᠤ ᠠᠮᠤᠷ ᠳᠥᠪᠰᠢᠨ ᠢ | ᠡᠪᠳᠡᠵᠦ᠂ ᠣᠷᠣᠨ ᠨᠤᠲᠤᠭ ᠢ ᠰᠠᠮᠠᠭᠤᠷᠠᠭᠤᠯᠵᠤ ᠪᠠᠶᠢᠨ᠎ᠠ 》 ᠭᠡᠵᠦ ᠶᠡᠭᠡ ᠵᠤᠤ ᠶᠢᠨ ᠴᠢᠭᠤᠯᠭᠠᠨ ᠤ ᠭᠠᠵᠠᠷ ᠲᠤ ᠸᠠᠩᠳᠠᠨᠨᠢᠮ᠎ᠠ ᠶᠢᠨ ᠠᠷᠠᠳ ᠤᠨ ᠵᠡᠪᠰᠡᠭᠲᠦ | ᠬᠦᠴᠦᠨ ᠢ ᠳᠠᠷᠤᠩᠭᠤᠶᠢᠯᠠᠬᠤ ᠲᠤᠬᠠᠢ ᠨᠢᠭᠤᠴᠠ ᠵᠠᠬᠢᠳᠠᠯ ᠢᠯᠡᠭᠡᠵᠡᠢ᠃ | 1912 ᠣᠨ ᠤ ᠨᠠᠮᠤᠷ᠂ ᠶᠡᠭᠡ ᠵᠤᠤ ᠴᠢᠭᠤᠯᠭᠠᠨ ᠤ ᠡᠯ᠎ᠡ ᠬᠤᠰᠢᠭᠤᠨ ᠠᠴᠠ ᠵᠠᠰᠠᠭ ᠨᠣᠶᠠᠨ ᠪᠣᠶᠤ ᠳᠦᠰᠢᠮᠡᠯ ᠲᠣᠮᠢᠯᠠᠨ ᠬᠠᠩᠭᠢᠨ ᠬᠤᠰᠢᠭᠤᠨ ᠤ | ᠬᠤᠰᠢᠭᠤ ᠶᠠᠮᠤᠨ ᠱᠠᠩ ᠳᠡᠭᠡᠷ᠎ᠡ ᠴᠤᠭᠯᠠᠷᠠᠵᠤ᠂ ᠸᠠᠩᠳᠠᠨᠨᠢᠮ᠎ᠠ᠂ ᠴᠠᠭᠠᠨᠪᠤᠯᠤᠳ ᠨᠠᠷ ᠤᠨ ᠤᠳᠤᠷᠢᠳᠤᠭᠰᠠᠨ ᠠᠷᠠᠳ ᠤᠨ ᠳᠤᠭᠤᠶᠢᠯᠠᠩ ᠤᠨ ᠵᠡᠪᠰᠡᠭᠲᠦ ᠬᠦᠴᠦᠨ ᠢ | ᠬᠡᠷᠬᠢᠨ ᠳᠠᠷᠤᠩᠭᠤᠶᠢᠯᠠᠬᠤ ᠲᠤᠬᠠᠢ ᠲᠤᠰᠬᠠᠶᠢᠯᠠᠨ ᠶᠠᠷᠢᠯᠴᠠᠪᠠ᠃ ᠬᠤᠷᠠᠯ ᠳᠡᠭᠡᠷ᠎ᠡ ᠬᠠᠩᠭᠢᠨ ᠬᠤᠰᠢᠭᠤᠨ ᠤ ᠨᠠᠮᠤᠷᠠᠰᠠᠩᠪᠤ ᠵᠠᠬᠢᠷᠤᠭᠴᠢ ᠠᠴᠠ᠄《 ᠬᠦᠴᠦᠨ ᠢᠶᠠᠷ | ᠪᠠᠷᠢᠬᠤ ᠠᠨᠤ ᠠᠷᠭ᠎ᠠ ᠪᠠᠷ ᠪᠠᠷᠢᠬᠤᠢ ᠳᠤᠷ ᠥᠯᠥ ᠬᠦᠷᠦᠮᠤᠢ᠂ ᠥᠪᠡᠷ ᠢᠶᠠᠨ ᠪᠠᠷᠢᠬᠤ ᠠᠨᠤ ᠥᠭᠡᠷ᠎ᠡ ᠬᠥᠮᠦᠨ ᠢᠶᠠᠷ ᠪᠠᠷᠢᠭᠤᠯᠬᠤ ᠳᠤᠷ ᠥᠯᠥ ᠬᠥᠷᠦᠮᠤᠢ 》 | ᠭᠡᠮᠡᠭᠰᠡᠨ ᠳᠤᠷ ᠣᠯᠠᠨ ᠨᠣᠶᠠᠳ ᠳᠦᠰᠢᠮᠡᠳ ᠪᠦᠷ《 ᠳᠡᠭᠡᠳᠦ ᠠᠷᠭ᠎ᠠ 》 ᠭᠡᠮᠡᠨ ᠦᠵᠡᠵᠦ᠂ ᠨᠢᠩᠰᠢᠶᠠ᠂ ᠠᠯᠠᠱᠠ ᠶᠢᠨ ᠡᠷᠬᠡ ᠪᠠᠷᠢᠭᠴᠢᠳ ᠲᠤ《 ᠲᠠ ᠨᠠᠷ | ᠸᠠᠩᠳᠠᠨᠨᠢᠮ᠎ᠠ ᠴᠠᠭᠠᠨᠪᠤᠯᠤᠳ ᠲᠡᠳᠡᠨ ᠢ ᠶᠠᠭᠠᠬᠢᠵᠤ ᠰᠢᠢᠳᠪᠦᠷᠢᠯᠡᠭᠰᠡᠨ ᠴᠦ ᠪᠢᠳᠠᠨ ᠳᠤ ᠰᠠᠨᠠᠯ ᠦᠭᠡᠢ 》 ᠭᠡᠮᠡᠨ ᠬᠠᠷᠢᠭᠤ ᠵᠠᠬᠢᠳᠠᠯ ᠢ ᠮᠥᠨ ᠨᠢᠭᠤᠴᠠ ᠪᠠᠷ | ᠶᠠᠪᠤᠭᠤᠯᠵᠠᠢ᠃ 1913 ᠣᠨ ᠤ ᠪᠢᠯᠢᠭ ᠤᠯᠠᠷᠢᠯ ᠤᠨ 6 ᠰᠠᠷ᠎ᠠ ᠶᠢᠨ ᠰᠢᠨ᠎ᠡ ᠶᠢᠨ ᠨᠢᠭᠡᠨ ᠳᠤ᠂ ᠨᠢᠩᠰᠢᠶᠠ ᠶᠢᠨ ᠴᠡᠷᠢᠭ ᠤᠨ ᠶᠡᠷᠦᠩᠬᠡᠢ ᠮᠠ ᠹᠦ᠋ ᠰᠢᠶᠠᠩ《 | ᠶᠡᠭᠡ ᠬᠡᠷᠡᠭ ᠢ ᠬᠠᠮᠲᠤ ᠪᠠᠷ ᠵᠥᠪᠳᠡᠬᠦ 》 ᠭᠡᠰᠡᠨ ᠨᠡᠷ᠎ᠡ ᠪᠠᠷ ᠦᠶᠤᠸᠠᠨ ᠰᠢᠶᠡᠨ ᠤ《 ᠬᠤᠢ ᠳ᠋ᠧ ᠴᠧᠩ 》 ᠬᠤᠳᠠᠯᠳᠤᠭᠠᠨ ᠤ ᠭᠠᠵᠠᠷ ᠠᠴᠠ ᠡᠮᠦᠨᠡᠰᠢ ᠰᠢᠷ᠎ᠠ | ᠬᠤᠲᠣᠭᠤᠷ ᠭᠡᠮᠡᠬᠦ ᠭᠠᠵᠠᠷ ᠲᠤ ᠬᠠᠲᠤᠨ ᠭᠤᠣᠯ ᠤᠨ ᠣᠩᠭᠤᠴᠠᠨ ᠳᠡᠭᠡᠷ᠎ᠡ᠂ ᠳᠤᠭᠤᠶᠢᠯᠠᠩ ᠤᠨ ᠤᠳᠤᠷᠢᠳᠤᠭᠴᠢᠳ ᠢ ᠤᠷᠢᠭᠠᠳ ᠸᠠᠩᠳᠠᠨᠨᠢᠮ᠎ᠠ ᠵᠡᠷᠭᠡ 10 | ᠬᠥᠮᠦᠨ ᠢ ᠮᠡᠬᠡᠯᠡᠨ ᠪᠠᠷᠢᠪᠴᠢᠯᠠᠭᠠᠳ ᠤᠷᠤᠰᠬᠠᠯ ᠳᠠᠭᠠᠵᠤ ᠵᠡᠭᠦᠨᠰᠢ ᠶᠠᠪᠤᠭᠰᠠᠨ ᠪᠠᠶᠢᠨ᠎ᠠ᠃ ᠳᠤᠭᠤᠶᠢᠯᠠᠩ ᠤᠨ ᠣᠯᠠᠨ ᠲᠦᠮᠡᠨ ᠲᠦᠢᠯ ᠢᠶᠠᠷ ᠪᠠᠴᠢᠮᠳᠠᠵᠤ | ᠭᠤᠴᠢᠭᠠᠳ ᠭᠠᠵᠠᠷ ᠭᠤᠣᠯ ᠤᠨ ᠬᠥᠪᠡᠭᠡ ᠳᠠᠭᠠᠵᠤ ᠪᠠᠶᠢᠯᠳᠤᠭᠠᠨ ᠬᠢᠭᠡᠳ ᠡᠴᠦᠰ ᠲᠡᠭᠡᠨ ᠸᠠᠩᠳᠠᠨᠨᠢᠮ᠎ᠠ ᠶᠢ ᠠᠪᠤᠷᠠᠵᠤ ᠴᠢᠳᠠᠭᠰᠠᠨ ᠦᠭᠡᠢ᠃ | ᠮᠠ ᠹᠦ᠋ ᠰᠢᠶᠠᠩ᠂ ᠸᠠᠩᠳᠠᠨᠨᠢᠮ᠎ᠠ ᠵᠡᠷᠭᠡ ᠬᠥᠮᠦᠰ ᠢ ᠪᠤᠭᠤᠲᠤ ᠳᠤ ᠬᠤᠷᠢᠵᠤ ᠪᠠᠶᠢᠭᠠᠳ᠂ ᠳᠠᠬᠢᠨ ᠶᠠᠨ ᠰᠢ ᠱᠠᠨ ᠳᠤ ᠰᠢᠯᠵᠢᠭᠦᠯᠦᠨ ᠥᠭᠴᠦ᠂ ᠱᠠᠨ ᠰᠢ | ᠮᠣᠵᠢ ᠶᠢᠨ ᠲᠠᠶᠢᠶᠤᠸᠠᠨ ᠤ ᠭᠢᠨᠳᠠᠨ ᠳᠤ ᠬᠤᠷᠢᠵᠤ᠂ ᠬᠠᠷ᠎ᠠ ᠲᠠᠮᠤ ᠠᠮᠰᠠᠭᠤᠯᠪᠠ᠃ ᠸᠠᠩᠳᠠᠨᠨᠢᠮ᠎ᠠ ᠬᠤᠭᠤᠷᠠᠬᠤ ᠠᠴᠠ ᠪᠢᠰᠢ ᠨᠤᠭᠤᠷᠠᠬᠤ ᠦᠭᠡᠢ ᠵᠣᠷᠢᠭ ᠢᠶᠠᠷ ᠶᠠᠨ | ᠰᠢ ᠱᠠᠨ ᠤ ᠢᠴᠢᠭᠦᠷᠢ ᠰᠤᠨᠵᠢᠭᠤᠷᠢ ᠦᠭᠡᠢ ᠶᠠᠯᠠᠲᠤ ᠠᠵᠢᠯᠯᠠᠭ᠎ᠠ ᠶᠢ ᠵᠠᠨᠤᠨ ᠬᠠᠷᠢᠶᠠᠵᠤ᠂ ᠮᠣᠩᠭᠤᠯ ᠦᠨᠳᠦᠰᠦᠲᠡᠨ ᠤ ᠠᠷᠠᠳ ᠲᠦᠮᠡᠨ ᠢ ᠬᠢᠬᠠᠨ ᠮᠥᠯᠵᠢᠭᠰᠡᠨ | ᠳᠡᠰᠯᠡᠭᠦᠴᠤᠳ ᠤᠨ ᠶᠠᠯᠠᠲᠤ ᠠᠵᠢᠯᠯᠠᠭ᠎ᠠ ᠶᠢ ᠢᠯᠡᠴᠢᠯᠡᠨ ᠦᠨᠳᠦᠰᠦᠲᠡᠨ ᠤ ᠪᠠᠨ ᠴᠢᠯᠦᠭᠡᠯᠡᠯᠲᠡ ᠶᠢ ᠲᠡᠮᠡᠴᠡᠨ ᠣᠯᠬᠤ ᠡᠷᠡᠰ ᠭᠤᠶᠢᠪᠢᠰᠢ ᠦᠭᠡᠢ ᠵᠣᠷᠢᠭ ᠰᠠᠨᠠᠭ᠎ᠠ ᠶᠢ | ᠢᠯᠡᠷᠡᠭᠦᠯᠦᠭᠰᠡᠨ ᠪᠠᠶᠢᠨ᠎ᠠ᠃ ᠳᠡᠷᠰᠯᠡᠭᠦᠴᠤᠳ ᠢᠴᠢᠩᠭᠦᠷᠢᠵᠦ ᠬᠤᠷᠤᠰᠬᠤ ᠳᠠᠭᠠᠨ ᠴᠠᠭᠠᠨᠪᠤᠯᠤᠳ ᠵᠡᠷᠭᠡ 7 ᠬᠥᠮᠦᠨ ᠢ ᠱᠠᠨ ᠰᠢ ᠶᠢᠨ ᠲᠠᠶᠢᠶᠤᠸᠠᠨ ᠤ ᠨᠡᠭᠦᠷᠡᠰᠦᠨ | ᠠᠭᠤᠷᠬᠠᠢ ᠳᠤ ᠬᠦᠷᠭᠡᠵᠦ ᠬᠠᠷ᠎ᠠ ᠬᠥᠳᠡᠯᠮᠦᠷᠢ ᠬᠢᠯᠭᠡᠵᠦ ᠪᠠᠶᠢᠭᠠᠳ ᠦᠬᠦᠭᠦᠯᠵᠡᠢ᠃ ᠸᠠᠩᠳᠠᠨᠨᠢᠮ᠎ᠠ ᠪᠣᠯ ᠬᠤᠪᠢᠯᠭᠠᠨ ᠭᠡᠭᠡᠨ ᠮᠥᠷᠲᠡᠭᠡᠨ ᠮᠣᠩᠭᠤᠯ ᠦᠨᠳᠦᠰᠦᠲᠡᠨ ᠤ | ᠠᠷᠠᠳ ᠲᠦᠮᠡᠨ ᠤ ᠲᠤᠲᠤᠷ᠎ᠠ ᠬᠠᠮᠤᠭ ᠤᠨ ᠢᠲᠡᠭᠡᠯ ᠬᠦᠨᠳᠦᠲᠡᠢ ᠬᠥᠮᠦᠨ ᠪᠣᠯᠬᠤ ᠲᠤᠯᠠ ᠳᠡᠷᠰᠯᠡᠭᠦᠦ ᠵᠠᠰᠠᠭ ᠤᠨ ᠭᠠᠵᠠᠷ ᠮᠣᠩᠭᠤᠯ ᠦᠨᠳᠦᠰᠦᠲᠡᠨ ᠤ ᠳᠤᠮᠳᠠ | ᠨᠡᠩ ᠶᠡᠭᠡ ᠬᠤᠷᠤᠰᠤᠯ ᠵᠠᠨᠤᠯ ᠡᠭᠦᠰᠬᠡᠬᠦ ᠠᠴᠠ ᠰᠡᠷᠭᠡᠶᠢᠯᠡᠵᠦ ᠸᠠᠩᠳᠠᠨᠨᠢᠮ᠎ᠠ ᠶᠢ ᠪᠡᠭᠡᠵᠢᠩ ᠳᠤ ᠪᠠᠶᠢᠭ᠎ᠠ ᠴᠡᠷᠢᠭ ᠤᠨ ᠡᠷᠬᠡᠲᠡᠨ ᠶᠤᠸᠠᠨ ᠱᠢ ᠺᠠᠢ ᠳᠤ ᠲᠤᠰᠢᠶᠠᠨ | ᠥᠭᠭᠦᠭᠰᠡᠨ ᠪᠠᠶᠢᠨ᠎ᠠ᠃ ᠶᠤᠸᠠᠨ ᠱᠢ ᠺᠠᠢ ᠮᠣᠩᠭᠤᠯ ᠤᠨ ᠳᠡᠭᠡᠳᠦ ᠳᠠᠪᠬᠤᠷᠭᠠᠲᠠᠨ ᠢ ᠢᠯᠪᠢᠨ ᠲᠠᠲᠠᠵᠤ᠂ ᠦᠨᠳᠦᠰᠦᠲᠡᠨ ᠪᠦᠬᠦᠨ ᠨᠠᠶᠢᠷᠠᠮᠳᠠᠬᠤ ᠵᠣᠷᠢᠯᠲᠠ ᠪᠠᠨ | ᠪᠡᠶᠡᠯᠡᠭᠦᠯᠬᠦ ᠶᠢᠨ ᠲᠥᠯᠦᠭᠡ᠂ ᠯᠠᠮᠠ ᠬᠤᠸᠠᠷᠠᠭ ᠤᠨ ᠲᠥᠯᠦᠭᠡᠯᠡᠭᠴᠢ ᠶᠢᠨ ᠨᠡᠷ᠎ᠡ ᠪᠠᠷ ᠸᠠᠩᠳᠠᠨᠨᠢᠮ᠎ᠠ ᠶᠢ ᠪᠡᠭᠡᠵᠢᠩ ᠳᠤ ᠬᠠᠭᠤᠷᠠᠢ ᠵᠠᠮ ᠤᠨ ᠴᠡᠷᠢᠭ ᠤᠨ《 ᠵᠥᠪᠯᠡᠭᠴᠢ | 》 ᠶᠢᠨ ᠨᠡᠷ᠎ᠡ ᠵᠡᠭᠦᠯᠭᠡᠭᠡᠳ᠂ ᠠᠨ ᠳ᠋ᠢᠩ ᠮᠧᠨ ᠤ ᠭᠠᠳᠠᠨᠠᠬᠢ ᠡᠾᠧ ᠰᠢᠶᠤᠤ ᠵᠢᠶᠠ ᠭᠤᠳᠤᠮᠵᠢ ᠶᠢᠨ ᠵᠢᠷᠭᠤᠳᠤᠭᠠᠷ ᠨᠣᠮᠧᠷ ᠲᠤ ᠰᠠᠭᠤᠯᠭᠠᠵᠤ ᠰᠤᠯᠠ ᠬᠤᠷᠢᠭᠰᠠᠨ | ᠪᠠᠶᠢᠨ᠎ᠠ᠃ | ᠸᠠᠩᠳᠠᠨᠨᠢᠮ᠎ᠠ ᠪᠡᠭᠡᠵᠢᠩ ᠳᠤ ᠬᠡᠳᠦᠶᠢᠪᠡᠷ ᠰᠤᠯᠠ ᠬᠤᠷᠢᠭᠳᠠᠨ ᠬᠢᠨᠠᠯᠲᠠ ᠬᠢᠵᠠᠭᠠᠷᠯᠠᠯ ᠳᠤ ᠤᠴᠠᠷᠠᠭᠰᠠᠨ ᠪᠣᠯᠪᠠᠴᠤ᠂ ᠭᠤᠷᠪᠠᠳᠤᠭᠠᠷ ᠢᠨᠲ᠋ᠧᠷᠨᠠᠼᠢᠣᠨᠠᠯ | ᠳᠤᠮᠳᠠᠳᠤ ᠤᠯᠤᠰ ᠤᠨ ᠡᠪ ᠬᠠᠮᠲᠤ ᠨᠠᠮ ᠤᠨ ᠨᠢᠭᠤᠴᠠ ᠵᠣᠬᠢᠶᠠᠨ ᠪᠠᠶᠢᠭᠤᠯᠤᠯᠲᠠ ᠶᠢᠨ ᠰᠤᠷᠲᠠᠯ ᠤᠬᠠᠭᠤᠯᠤᠯ ᠢ ᠬᠦᠯᠢᠶᠡᠨ᠂ ᠨᠠᠮ ᠤᠨ ᠨᠢᠭᠤᠴᠠ ᠵᠣᠬᠢᠶᠠᠨ | ᠪᠠᠶᠢᠭᠤᠯᠤᠯᠲᠠ ᠶᠢᠨ ᠯᠢ ᠳ᠋ᠠ ᠵᠤᠤ᠂ ᠵᠤᠤ ᠰᠢ ᠶᠠᠨ᠂ ᠵᠥᠪᠯᠡᠯᠲᠦ ᠤᠯᠤᠰ ᠤᠨ ᠪᠡᠭᠡᠵᠢᠩ ᠳᠠᠬᠢ ᠡᠯᠴᠢᠨ ᠰᠠᠶᠢᠳ ᠠᠷᠵᠢᠯᠤᠸ᠋ᠹᠠ ᠯᠢᠲ᠋ᠧᠺᠠᠷᠹᠦ᠂ ᠮᠣᠩᠭᠤᠯ | ᠤᠯᠤᠰ ᠤᠨ ᠳᠣᠷᠵᠢ᠂ ᠨᠠᠰᠤᠨᠪᠠᠲᠤ᠂ ᠳᠣᠪᠴᠢᠨ ᠨᠠᠷ ᠤᠨ ᠬᠠᠪᠰᠤᠷᠤᠯᠭ᠎ᠠ ᠳᠡᠮᠵᠢᠯᠭᠡ ᠶᠢ ᠣᠯᠣᠭᠰᠠᠨ ᠪᠦᠭᠡᠳ ᠥᠪᠡᠷ ᠤᠨ ᠱᠠᠪᠢ ᠳ᠋ᠠᠩᠮᠢᠳ ᠢ ᠮᠣᠩᠭᠤᠯ ᠠᠷᠠᠳ | ᠤᠯᠤᠰ ᠪᠠ ᠵᠥᠪᠯᠡᠯᠲᠦ ᠳᠤ ᠲᠣᠮᠢᠯᠠᠨ ᠰᠤᠷᠤᠯᠴᠠᠭᠤᠯᠪᠠ᠃ | 1925 ᠣᠨ ᠳᠤ᠂ ᠸᠠᠩᠳᠠᠨᠨᠢᠮ᠎ᠠ ᠪᠡᠭᠡᠵᠢᠩ ᠠᠴᠠ ᠳᠤᠲᠠᠭᠠᠨ ᠭᠠᠷᠪᠠ᠃ 10 ᠰᠠᠷ᠎ᠠ ᠳᠤ ᠴᠢᠭᠤᠯᠤᠯᠲᠤ ᠬᠠᠭᠠᠯᠭ᠎ᠠ ᠳᠤ ᠪᠣᠯᠣᠭᠰᠠᠨ ᠲᠤᠲᠤᠭᠠᠳᠤ | ᠮᠣᠩᠭᠤᠯ ᠤᠨ ᠠᠷᠠᠳ ᠤᠨ ᠬᠤᠪᠢᠰᠬᠠᠯᠲᠤ ᠨᠠᠮ ᠤᠨ ᠨᠢᠭᠡᠳᠦᠭᠡᠷ ᠤᠳᠠᠭᠠᠨ ᠤ ᠲᠥᠯᠦᠭᠡᠯᠡᠭᠴᠢᠳ ᠤᠨ ᠶᠡᠭᠡ ᠬᠤᠷᠠᠯ ᠳᠤ ᠣᠷᠣᠯᠴᠠᠵᠤ ᠲᠤᠰ ᠬᠤᠷᠠᠯᠳᠤᠭᠠᠨ ᠳᠡᠭᠡᠷ᠎ᠡ | ᠸᠠᠩᠳᠠᠨᠨᠢᠮ᠎ᠠ ᠬᠤᠪᠢᠰᠬᠠᠯᠲᠤ ᠨᠠᠮ ᠤᠨ ᠲᠥᠪ ᠤᠨ ᠭᠦᠢᠴᠡᠳᠬᠡᠭᠴᠢ ᠭᠡᠰᠢᠭᠦᠨ ᠢᠶᠠᠷ ᠰᠤᠩᠭᠤᠭᠳᠠᠪᠠ᠃ ᠲᠤᠰ ᠵᠢᠯ ᠤᠨ ᠡᠪᠦᠯ᠂ ᠲᠡᠷᠡ ᠰᠢᠨᠡᠯᠠᠮ᠎ᠠ ᠵᠡᠷᠭᠡ ᠬᠥᠮᠦᠰ ᠢ | ᠳᠠᠭᠠᠭᠤᠯᠤᠨ ᠴᠢᠭᠤᠯᠤᠯᠲᠤ ᠬᠠᠭᠠᠯᠭ᠎ᠠ ᠠᠴᠠ ᠮᠣᠷᠳᠠᠵᠤ᠂ ᠰᠢᠭᠤᠳ ᠶᠡᠭᠡ ᠵᠤᠤ ᠶᠢᠨ ᠴᠢᠭᠤᠯᠭᠠᠨ ᠤ ᠵᠢᠶᠦ᠋ᠨ ᠸᠠᠩ᠂ ᠵᠠᠰᠠᠭ᠂ ᠦᠦᠰᠢᠨ᠂ ᠵᠡᠭᠦᠨᠭᠠᠷ ᠵᠡᠷᠭᠡ | ᠬᠤᠰᠢᠭᠤᠨ ᠳᠤ ᠢᠷᠡᠭᠡᠳ ᠨᠠᠮ ᠪᠠᠶᠢᠭᠤᠯᠤᠨ ᠴᠡᠷᠢᠭ ᠡᠯᠰᠡᠬᠦ ᠠᠵᠢᠯᠯᠠᠭ᠎ᠠ ᠦᠷᠨᠢᠭᠦᠯᠵᠦ᠂ ᠲᠡᠷᠡᠴᠢᠯᠡᠨ《 ᠲᠤᠲᠤᠭᠠᠳᠤ ᠮᠣᠩᠭᠤᠯ ᠤᠨ ᠠᠷᠠᠳ ᠤᠨ ᠬᠤᠪᠢᠰᠬᠠᠯᠲᠤ | ᠨᠠᠮ 》 ᠠᠴᠠ ᠳᠤᠷᠠᠳᠤᠨ ᠭᠠᠷᠭᠠᠭᠰᠠᠨ《 ᠸᠠᠩ ᠭᠦᠩ ᠤᠨ ᠵᠠᠰᠠᠭ ᠤᠨ ᠪᠠᠶᠢᠭᠤᠯᠤᠯ 》 ᠢ ᠦᠭᠡᠶᠢᠰᠬᠡᠬᠦ ᠤᠷᠢᠶ᠎ᠠ ᠶᠢ ᠶᠡᠬᠡᠪᠡᠷ ᠤᠬᠠᠭᠤᠯᠪᠠ᠃ ᠭᠤᠷᠪᠠᠳᠤᠭᠠᠷ | ᠢᠨᠲ᠋ᠧᠷᠨᠠᠼᠢᠣᠨᠠᠯ ᠪᠠ ᠳᠤᠮᠳᠠᠳᠤ ᠤᠯᠤᠰ ᠤᠨ ᠡᠪ ᠬᠠᠮᠲᠤ ᠨᠠᠮ ᠬᠢᠭᠡᠳ ᠹᠧᠩ ᠢᠦᠢ ᠰᠢᠶᠠᠩ ᠤᠨ ᠢᠳᠡᠪᠬᠢᠲᠡᠢ ᠳᠡᠮᠵᠢᠯᠭᠡ ᠳᠣᠣᠷ᠎ᠠ᠂ 1926 ᠣᠨ ᠤ ᠨᠠᠮᠤᠷ᠂ | ᠸᠠᠩᠳᠠᠨᠨᠢᠮ᠎ᠠ ᠲᠤᠲᠤᠭᠠᠳᠤ ᠮᠣᠩᠭᠤᠯ ᠤᠨ ᠠᠷᠠᠳ ᠤᠨ ᠬᠤᠪᠢᠰᠬᠠᠯᠲᠤ ᠴᠡᠷᠢᠭ ᠤᠨ ᠶᠡᠷᠦᠩᠬᠡᠢ ᠰᠧᠯᠢᠩ ᠪᠣᠯᠪᠠ᠃ ᠲᠤᠰ ᠵᠢᠯ ᠤᠨ 7 ᠰᠠᠷ᠎ᠠ᠂ ᠬᠤᠯᠠᠳᠡᠬᠢᠨ ᠢ | ᠠᠮᠤᠷᠵᠢᠭᠤᠯᠤᠭᠰᠠᠨ ᠬᠤᠲᠠ ᠶᠢᠨ ᠬᠤᠰᠢᠭᠤᠨ ᠢ ᠵᠠᠬᠢᠷᠤᠭᠴᠢ ᠰᠠᠶᠢᠳ ᠠᠴᠠ ᠸᠠᠩᠳᠠᠨᠨᠢᠮ᠎ᠠ ᠶᠢ ᠰᠦᠢᠶᠤᠸᠠᠨ ᠤ ᠬᠠᠷᠢᠶᠠᠲᠤ ᠮᠣᠩᠭᠤᠯ ᠬᠤᠰᠢᠭᠤᠳ ᠤᠨ ᠠᠷᠠᠳ ᠤᠨ | ᠴᠡᠷᠢᠭ ᠢ ᠵᠠᠬᠢᠷᠴᠤ ᠬᠠᠮᠠᠭᠠᠯᠠᠨ ᠰᠠᠬᠢᠬᠤ ᠰᠧᠯᠢᠩ ᠪᠣᠯᠭᠠᠨ ︵ᠲᠤᠰ ᠵᠢᠯ ᠤᠨ 10 ᠰᠠᠷ᠎ᠠ ᠶᠢᠨ 23 ᠤ ᠡᠳᠦᠷ ᠬᠦᠴᠦᠨ ᠦᠭᠡᠢ ᠪᠣᠯᠭᠠᠨ ᠵᠠᠷᠯᠠᠪᠠ︶ ᠲᠣᠮᠢᠯᠠᠪᠠ᠃ | ᠲᠤᠬᠠᠢ ᠶᠢᠨ ᠦᠶ᠎ᠡ ᠳᠤ ᠸᠠᠩᠳᠠᠨᠨᠢᠮ᠎ᠠ᠂ ᠳᠤᠮᠳᠠᠳᠤ ᠤᠯᠤᠰ ᠤᠨ ᠡᠪ ᠬᠠᠮᠲᠤ ᠨᠠᠮ ᠤᠨ ᠣᠷᠣᠯᠴᠠᠯᠭ᠎ᠠ ᠪᠠᠷ ᠳᠠᠮᠵᠢᠨ᠂ ᠵᠥᠪᠯᠡᠯᠲᠦ ᠤᠯᠤᠰ ᠪᠠ ᠮᠣᠩᠭᠤᠯ | ᠤᠯᠤᠰ ᠠᠴᠠ ᠫᠤᠤ ᠵᠡᠪᠰᠡᠭ ᠪᠠ ᠵᠠᠷᠤᠳᠠᠯ ᠤᠨ ᠮᠥᠩᠭᠦ ᠶᠢᠨ ᠳᠡᠮᠵᠢᠯᠭᠡ ᠶᠢ ᠣᠯᠵᠠᠢ᠃ ᠲᠡᠷᠡ ᠮᠣᠩᠭᠤᠯ ᠬᠤᠰᠢᠭᠤᠳ ᠤᠨ ᠠᠷᠠᠳ ᠤᠨ ᠵᠡᠪᠰᠡᠭᠲᠦ ᠴᠡᠷᠢᠭ ᠤᠨ | ᠪᠣᠯᠪᠠᠰᠤᠷᠠᠯ ᠤᠨ ᠭᠠᠵᠠᠷ ᠤᠨ ᠰᠠᠭᠤᠷᠢᠨ ᠳᠡᠭᠡᠷ᠎ᠡ᠂ ᠪᠤᠭᠤᠲᠤ ᠳᠤ ᠮᠣᠩᠭᠤᠯ ᠴᠡᠷᠢᠭ ᠤᠨ ᠵᠠᠬᠢᠷᠤᠯ ᠤᠨ ᠰᠤᠷᠭᠠᠭᠤᠯᠢ ᠪᠠᠶᠢᠭᠤᠯᠵᠤ᠂ ᠤᠤᠯ ᠤᠨ ᠪᠠᠶᠢᠭᠰᠠᠨ | ᠰᠤᠷᠤᠭᠴᠢᠳ ᠠᠴᠠ ᠭᠠᠳᠠᠨ᠎ᠠ᠂ ᠶᠡᠭᠡ ᠵᠤᠤ ᠴᠢᠭᠤᠯᠭᠠᠨ ᠤ ᠡᠯ᠎ᠡ ᠬᠤᠰᠢᠭᠤᠳ ᠠᠴᠠ 120 ᠭᠠᠷᠤᠢ ᠵᠠᠯᠠᠭᠤᠴᠤᠳ ᠢ ᠠᠪᠴᠢᠷᠠᠨ ᠰᠤᠷᠤᠯᠴᠠᠭᠤᠯᠪᠠ᠃ | ᠮᠥᠨ ᠵᠢᠯ ᠤᠨ 10 ᠰᠠᠷ᠎ᠠ ᠳᠤ᠂ ᠸᠠᠩᠳᠠᠨᠨᠢᠮ᠎ᠠ ᠲᠤᠲᠤᠭᠠᠳᠤ ᠮᠣᠩᠭᠤᠯ ᠤᠨ ᠠᠷᠠᠳ ᠤᠨ ᠬᠤᠪᠢᠰᠬᠠᠯᠲᠤ ᠴᠡᠷᠢᠭ ᠢᠶᠠᠨ ᠳᠠᠭᠠᠭᠤᠯᠤᠨ᠂ ᠪᠦᠬᠦ ᠤᠯᠤᠰ ᠤᠨ | ᠶᠡᠭᠡ ᠬᠤᠪᠢᠰᠬᠠᠯ ᠤᠨ ᠬᠥᠳᠡᠯᠭᠡᠭᠡᠨ ᠤ ᠲᠣᠮᠣ ᠳᠠᠪᠠᠯᠭᠠᠨ ᠢ ᠠᠰᠢᠭᠯᠠᠨ ᠣᠷᠳᠤᠰ ᠲᠤ ᠣᠴᠢᠨ ᠵᠡᠪᠰᠡᠭᠲᠦ ᠲᠡᠮᠡᠴᠡᠯ ᠢ ᠢᠳᠡᠪᠬᠢᠲᠡᠢ ᠪᠠᠷ ᠦᠷᠨᠢᠭᠦᠯᠬᠦ ᠪᠠᠷ | ᠪᠡᠯᠡᠳᠬᠡᠵᠦ ᠪᠠᠶᠢᠭ᠎ᠠ ᠦᠶ᠎ᠡ ᠳᠤ ᠵᠠᠪᠰᠢᠶᠠᠨ ᠪᠤᠰᠤ ᠪᠠᠷ ᠲᠤᠲᠤᠭᠠᠳᠤ ᠶᠢᠨ ᠵᠠᠯᠢᠬᠠᠢ ᠳᠤᠩᠮᠢᠳ ᠭᠠᠯᠽᠠᠩᠷᠠᠰᠢ ᠨᠠᠷ ᠰᠥᠯᠪᠡᠭᠡᠯᠡᠨ ᠡᠮ ᠤᠤᠭᠤᠬᠤ ᠭᠡᠰᠡᠨ | ᠪᠤᠴᠠᠯᠤᠭᠰᠠᠨ ᠤᠰᠤᠨ ᠳᠤᠨᠢ ᠬᠤᠣᠷ ᠬᠢᠭᠡᠳ ᠪᠤᠭᠤᠲᠤ ᠶᠢᠨ ᠲᠠᠢ ᠠᠨ ᠵᠣᠴᠢᠳ ᠤᠨ ᠪᠠᠭᠤᠳᠠᠯ ᠳᠤ 54 ᠨᠠᠰᠤᠲᠠᠢ ᠳᠠᠭᠠᠨ ᠬᠤᠣᠷᠯᠠᠭᠳᠠᠨ ᠠᠯᠠᠭᠳᠠᠪᠠ᠃ | ① ᠵᠢᠷᠭᠠᠯᠠᠩ ᠤᠨ ᠣᠪᠣᠭ᠎ᠠ ᠶᠢ ᠪᠠᠰᠠ ᠵᠢᠷᠭᠠᠯᠠᠩᠲᠤ ᠶᠢᠨ ᠣᠪᠣᠭ᠎ᠠ ᠭᠡᠵᠦ ᠬᠡᠯᠡᠵᠦ ᠪᠤᠢ᠃ ᠣᠳᠣ ᠶᠢᠨ ᠵᠢᠷᠭᠠᠯᠠᠩᠲᠤ ᠪᠠᠯᠭᠠᠰᠤ ᠭᠡᠳᠡᠭ ᠵᠠᠰᠠᠭ ᠵᠠᠬᠢᠷᠭᠠᠨ ᠤ | ᠪᠠᠶᠢᠭᠤᠯᠤᠮᠵᠢ ᠶᠢᠨ ᠨᠡᠷᠡᠶᠢᠳᠦᠯ ᠳᠠᠷᠤᠢ ᠡᠨᠡ ᠣᠪᠣᠭᠠᠨ ᠤ ᠨᠡᠷ᠎ᠡ ᠠᠴᠠ ᠢᠷᠡᠵᠡᠢ᠃ | | |