ᠲᠠᠣᠯᠠᠢ ᠶᠢᠨ ᠭᠤᠣᠯ —— ᠬᠦᠩᠭᠠᠷ
ᠨᠡᠶᠢᠲᠡᠯᠡᠭᠰᠡᠨ ᠴᠠᠭ᠄
2021/1/8

       ᠮᠥᠩᠭᠦᠨ ᠴᠠᠭᠠᠨ ᠷᠠᠰᠢᠶᠠᠨ ᠢᠶᠠᠨ ᠳᠡᠭᠡᠵᠢᠯᠡᠭᠰᠡᠨ

       ᠮᠤᠷᠤᠯᠵᠠᠨ ᠤᠷᠤᠰᠬᠤ ᠲᠠᠤᠯᠠᠢ ᠶᠢᠨ ᠭᠤᠤᠯ

       ᠮᠥᠩᠬᠡ ᠨᠤᠭᠤᠭᠠᠨ ᠨᠠᠷᠠᠰᠤ ᠪᠠᠨ ᠱᠤᠤᠭᠢᠭᠤᠯᠤᠭᠰᠠᠨ

       ᠮᠠᠩᠨᠤᠭ ᠳᠡᠯᠭᠡᠭᠰᠡᠨ ᠲᠠᠤᠯᠠᠢ ᠶᠢᠨ ᠭᠤᠤᠯ ᠡ

       ᠡᠯᠡᠰᠥᠨ ᠲᠤᠪᠤ ᠡᠷᠢᠶᠡᠯᠵᠡᠨ ᠪᠤᠷᠤᠯᠵᠠᠨ ᠨᠢ

       ᠡᠵᠢ ᠶᠢᠨ ᠮᠢᠨᠢ ᠪᠠᠷ᠎ᠠ ᠰᠢᠭ᠋ ᠪᠥᠷᠲᠡᠯᠵᠡᠨ ᠬᠠᠷᠠᠭᠳᠠᠨ᠎ᠠ

       ᠠᠲᠠᠷ ᠲᠠᠯ᠎ᠠ ᠠᠭᠢᠲᠤ ᠰᠢᠯᠢ ᠨᠢ

       ᠠᠪᠤ ᠶᠢᠨ ᠮᠢᠨᠢ ᠰᠡᠳᠬᠢᠯ ᠰᠢᠭ ᠰᠠᠷᠠᠭᠤᠯᠬᠠᠨ ᠰᠠᠨᠠᠭᠳᠠᠨ᠎ᠠ

       ᠤᠭᠠᠯᠵᠠᠯᠠᠬᠤ ᠲᠤᠬᠤᠢ ᠡᠷᠭᠢᠯᠳᠥᠬᠦ ᠪᠤᠯᠤᠩ ᠳᠤ ᠨᠢ

       ᠤᠶᠠᠩᠭᠠᠲᠤ ᠳᠠᠭᠤᠨ ᠤ ᠨᠤᠲ ᠰᠢᠩᠭᠡᠭᠰᠡᠭᠡᠷ

       ᠱᠤᠤᠭᠢᠬᠤ ᠤᠷᠤᠰᠬᠠᠯ ᠰᠠᠪᠰᠠᠯᠠᠬᠤ ᠬᠥᠬᠡᠰᠥ ᠳᠤ ᠨᠢ

       ᠰᠤᠶᠤᠯ ᠭᠡᠭᠡᠷᠡᠯ ᠤᠨ ᠬᠥᠷᠥᠩᠭᠡ ᠶᠢ ᠠᠴᠢᠶᠠᠯᠠᠭᠰᠠᠭᠠᠷ

       ᠮᠠᠩᠬᠠᠲᠤ ᠰᠠᠷᠪᠠᠩ ᠳᠡᠷᠡᠰᠥᠳᠥ ᠴᠠᠶᠢᠳᠠᠮ

       ᠮᠠᠯ ᠤᠨ ᠪᠡᠯᠴᠢᠭᠡᠷ ᠲᠡᠷᠡᠭᠦᠷ ᠰᠢᠥ

       ᠮᠠᠰᠢᠨᠴᠢᠯᠠᠯᠲᠠ ᠶᠢᠨ ᠵᠠᠮ ᠤᠳᠤᠬᠢᠴᠢᠯᠠᠯᠲᠠ ᠶᠢᠨ ᠥᠢᠯᠡᠰ

       ᠮᠠᠭᠠᠳ ᠲᠡᠨᠳᠡ ᠪᠤᠰᠬᠠᠭᠳᠠᠨ᠎ᠠ ᠰᠢᠥ

       ᠴᠡᠯᠡᠭᠡᠷ ᠡᠯᠢᠭᠡᠨ ᠳᠤ ᠪᠠᠨ ᠲᠥᠮᠡᠨ ᠢᠶᠠᠨ ᠪᠠᠶᠠᠰᠬᠠᠭᠠᠳ

       ᠴᠠᠳᠢᠭ ᠱᠠᠰᠲᠢᠷ ᠲᠤ ᠨᠡᠷ᠎ᠡ ᠪᠠᠨ ᠪᠢᠴᠢᠭᠯᠡᠨ᠎ᠡ

       ᠳᠡᠯᠭᠡᠷᠡᠬᠦ ᠴᠡᠴᠡᠭ ᠰᠢᠭ ᠮᠠᠷᠭᠠᠰᠢ ᠪᠠᠨ ᠰᠠᠷᠠᠪᠴᠢᠯᠠᠭᠠᠳ

       ᠲᠡᠥᠬᠡᠨ ᠬᠠᠭᠤᠳᠠᠰᠤᠨ ᠳᠤ ᠠᠯᠳᠠᠷ ᠢᠶᠠᠨ ᠥᠯᠡᠳᠡᠭᠡᠨ᠎ᠡ

                                 1992.1.24

ᠢᠷᠡᠯᠲᠡ᠄ ᠬᠠᠩᠭᠢᠨ ᠬᠤᠰᠢᠭᠤᠨ ᠤ ᠵᠠᠰᠠᠭ ᠤᠨ ᠣᠷᠳᠣᠨ ᠤ ᠮᠣᠩᠭᠤᠯ ᠬᠡᠯᠡᠨ ᠤ ᠵᠠᠰᠠᠭ ᠤᠨ ᠶᠠᠪᠣᠳᠠᠯ ᠤᠨ ᠰᠦᠯᠵᠢᠶ᠎ᠡ