ᠲᠤᠮᠳᠠᠳᠤ ᠤᠯᠤᠰ ᠤᠨ ᠡᠪ ᠬᠠᠮᠲᠤ ᠨᠠᠮ ᠤᠨ ᠬᠠᠩᠭᠢᠨ ᠬᠤᠰᠢᠭᠤᠨ ᠤ ᠠᠷᠪᠠᠨ ᠲᠦᠷᠪᠡᠳᠥᠭᠡᠷ ᠤᠳᠠᠭᠠᠨ ᠤ ᠲᠦᠯᠥᠭᠡᠯᠡᠭᠴᠢᠳ ᠤᠨ ᠶᠡᠭᠡ ᠬᠤᠷᠠᠯ ᠠᠴᠠ | ᠲᠦᠯᠥᠭᠡᠯᠡᠭᠴᠢ ᠶᠢᠨ ᠬᠢᠷᠢ ᠭᠡᠮ ᠢ ᠠᠩᠬ᠎ᠠ ᠠᠯᠬᠤᠮ ᠬᠢᠨᠠᠨ ᠪᠠᠶᠢᠴᠠᠭᠠᠭᠰᠠᠨ ᠪᠠᠶᠢᠳᠠᠯ ᠤᠨ ᠲᠤᠬᠠᠢ ᠬᠠᠷᠢᠭᠤ ᠮᠡᠳᠡᠭᠦᠯᠥᠯᠲᠠ ᠶᠢ ᠰᠤᠨᠤᠰᠴᠤ᠂ ᠶᠡᠭᠡ ᠬᠤᠷᠠᠯ ᠳᠤ | ᠤᠷᠤᠯᠴᠠᠬᠤ ᠲᠦᠯᠥᠭᠡᠯᠡᠭᠴᠢ ᠶᠢᠨ ᠬᠢᠷᠢ ᠬᠡᠮ ᠢ ᠬᠢᠨᠠᠨ ᠪᠠᠶᠢᠴᠠᠭᠠᠪᠠ᠃ ᠣᠳᠤ ᠬᠢᠨᠠᠨ ᠪᠠᠶᠢᠴᠠᠭᠠᠭᠰᠠᠨ ᠦᠷ᠎ᠠ ᠳ᠋ᠦᠩ ᠢ ᠶᠡᠭᠡ ᠬᠤᠷᠠᠯ ᠳᠤ ᠮᠡᠳᠡᠭᠦᠯᠥᠯᠲᠠ ᠬᠢᠶ᠎ᠠ︕ | 2021 ᠤᠨ ᠤ 4 ᠰᠠᠷ᠎ᠠ ᠶᠢᠨ 19 ᠤ ᠡᠳᠥᠷ᠂ ᠳᠤᠮᠳᠠᠳᠤ ᠤᠯᠤᠰ ᠤᠨ ᠡᠪ ᠬᠠᠮᠲᠤ ᠨᠠᠮ ᠤᠨ ᠠᠷᠪᠠᠨ ᠭᠤᠷᠪᠠᠳᠤᠭᠠᠷ ᠬᠤᠭᠤᠴᠠᠭᠠᠨ ᠤ ᠬᠤᠷᠢᠶᠠᠨ ᠤ | 19 ᠳ᠋ᠦ᠋ᠭᠡᠷ ᠪᠦᠭᠦᠳᠡ ᠬᠤᠷᠠᠯᠳᠤᠭᠠᠨ ᠤ ︽ᠲᠤᠮᠳᠠᠳᠤ ᠤᠯᠤᠰ ᠤᠨ ᠡᠪ ᠬᠠᠮᠲᠤ ᠨᠠᠮ ᠤᠨ ᠬᠠᠩᠭᠢᠨ ᠬᠤᠰᠢᠭᠤᠨ ᠤ ᠠᠷᠪᠠᠨ ᠲᠦᠷᠪᠡᠳᠥᠭᠡᠷ ᠤᠳᠠᠭᠠᠨ ᠤ | ᠲᠦᠯᠥᠭᠡᠯᠡᠭᠴᠢᠳ ᠤᠨ ᠶᠡᠭᠡ ᠬᠤᠷᠠᠯ ᠢ ᠬᠤᠷᠠᠯᠳᠤᠭᠤᠯᠬᠤ ᠲᠤᠬᠠᠢ ᠰᠢᠢᠳᠪᠦᠷᠢ︾ ᠪᠠ 2021 ᠤᠨ ᠤ 5 ᠰᠠᠷ᠎ᠠ ᠶᠢᠨ 19 ᠤ ᠡᠳᠥᠷ ᠤᠨ ᠳᠤᠮᠳᠠᠳᠤ ᠤᠯᠤᠰ ᠤᠨ | ᠬᠠᠩᠭᠢᠨ ᠬᠤᠰᠢᠭᠤᠨ ᠤ ᠬᠤᠷᠢᠶᠠᠨ ᠤ ᠠᠯᠪᠠᠨ ᠭᠡᠷ ᠤᠨ ︽ᠲᠤᠮᠳᠠᠳᠤ ᠤᠯᠤᠰ ᠤᠨ ᠡᠪ ᠬᠠᠮᠲᠤ ᠨᠠᠮ ᠤᠨ ᠬᠠᠩᠭᠢᠨ ᠬᠤᠰᠢᠭᠤᠨ ᠤ ᠠᠷᠪᠠᠨ ᠲᠦᠷᠪᠡᠳᠥᠭᠡᠷ | ᠤᠳᠠᠭᠠᠨ ᠤ ᠲᠦᠯᠥᠭᠡᠯᠡᠭᠴᠢᠳ ᠤᠨ ᠶᠡᠭᠡ ᠬᠤᠷᠠᠯ ᠤᠨ ᠲᠦᠯᠥᠭᠡᠯᠡᠭᠴᠢ ᠶᠢ ᠰᠤᠩᠭᠤᠬᠤ ᠠᠵᠢᠯ ᠤᠨ ᠲᠤᠬᠠᠢ ᠮᠡᠳᠡᠭᠳᠡᠯ︾ ᠢ ᠦᠨᠳᠤᠰᠥᠯᠡᠵᠤ᠂ ᠪᠦᠬᠦ ᠬᠤᠰᠢᠭᠤᠨ ᠤ | ᠰᠤᠮᠤ ᠪᠠᠯᠭᠠᠰᠤ᠂ ᠬᠤᠰᠢᠭᠤᠨ ᠤ ᠰᠢᠭᠤᠳ ᠬᠠᠷᠢᠶ᠎ᠠ ᠪᠠᠶᠢᠭᠤᠯᠭ᠎ᠠ᠂ ᠠᠷᠠᠳ ᠤᠨ ᠵᠡᠪᠰᠡᠭᠲᠦ ᠬᠥᠴᠤᠨ ᠤ ᠬᠡᠯᠲᠡᠰ᠂ ᠵᠡᠪᠰᠡᠭ ᠴᠠᠭᠳᠠᠭ᠎ᠠ ᠶᠢᠨ ᠳᠤᠮᠳᠠ ᠠᠩᠭᠢ ᠶᠢ | ᠶᠢᠰᠥᠨ ᠰᠤᠩᠭᠤᠭᠤᠯᠢ ᠶᠢᠨ ᠨᠢᠭᠡᠴᠡ ᠪᠣᠯᠭᠠᠨ ᠬᠤᠪᠢᠶᠠᠷᠢᠯᠠᠪᠠ᠃ ᠡᠳᠡᠭᠡᠷ ᠰᠤᠩᠭᠤᠭᠤᠯᠢ ᠶᠢᠨ ᠨᠢᠭᠡᠴᠡ ᠠᠴᠠ ᠨᠠᠮ ᠤᠨ ᠲᠦᠯᠥᠭᠡᠯᠡᠭᠴᠢᠳ ᠤᠨ ᠶᠡᠭᠡ ᠬᠤᠷᠠᠯ᠂ | ᠨᠠᠮ ᠤᠨ ᠲᠦᠯᠥᠭᠡᠯᠡᠭᠴᠢᠳ ᠤᠨ ᠬᠤᠷᠠᠯ ᠪᠤᠶᠤ ᠨᠠᠮ ᠤᠨ ᠭᠡᠰᠢᠭᠦᠳ ᠤᠨ ᠶᠡᠭᠡ ᠬᠤᠷᠠᠯ ᠢ ᠬᠤᠷᠠᠯᠳᠤᠭᠤᠯᠵᠤ᠂ ᠲᠤᠮᠳᠠᠳᠤ ᠤᠯᠤᠰ ᠤᠨ ᠡᠪ ᠬᠠᠮᠲᠤ ᠨᠠᠮ ᠤᠨ | ᠬᠠᠩᠭᠢᠨ ᠬᠤᠰᠢᠭᠤᠨ ᠤ ᠠᠷᠪᠠᠨ ᠲᠦᠷᠪᠡᠳᠥᠭᠡᠷ ᠤᠳᠠᠭᠠᠨ ᠤ ᠲᠦᠯᠥᠭᠡᠯᠡᠭᠴᠢᠳ ᠤᠨ ᠶᠡᠭᠡ ᠬᠤᠷᠠᠯ ᠳᠤ ᠤᠷᠤᠯᠴᠠᠬᠤ ᠲᠦᠯᠥᠭᠡᠯᠡᠭᠴᠢ ᠶᠢ ᠰᠤᠩᠭᠤᠵᠤ ᠭᠠᠷᠭᠠᠨ᠎ᠠ᠃ | ᠲᠦᠯᠥᠭᠡᠯᠡᠭᠴᠢ ᠶᠢ ᠰᠣᠩᠭᠤᠬᠤ ᠠᠵᠢᠯ ᠢ 2021 ᠣᠨ ᠤ 7 ᠰᠠᠷ᠎ᠠ ᠶᠢᠨ 24 ᠤ ᠡᠳᠥᠷ ᠠᠴᠠ ᠡᠮᠦᠨ᠎ᠡ ᠬᠢᠵᠤ ᠳᠠᠭᠤᠰᠬᠠᠪᠠ᠃ 2020 ᠤᠨ ᠤ ᠡᠴᠤᠰ | ᠪᠣᠯᠲᠠᠯ᠎ᠠ᠂ ᠪᠦᠬᠦ ᠬᠤᠰᠢᠭᠤᠨ ᠤ ᠨᠠᠮ ᠤᠨ ᠭᠡᠰᠢᠭᠦᠨ 7230 ᠬᠥᠮᠥᠨ᠂ ᠡᠭᠦᠨ ᠳᠤ ᠪᠡᠯᠡᠳᠭᠡᠯ ᠨᠠᠮ ᠤᠨ ᠭᠡᠰᠢᠭᠦᠨ 145 ᠬᠥᠮᠥᠨ᠃ ᠬᠤᠰᠢᠭᠤ ᠨᠠᠮ ᠤᠨ | ᠬᠤᠷᠢᠶᠠᠨ ᠤ ᠠᠷᠪᠠᠨ ᠭᠤᠷᠪᠠᠳᠤᠭᠠᠷ ᠬᠤᠭᠤᠴᠠᠭᠠᠨ ᠤ 19 ᠳ᠋ᠦ᠋ᠭᠡᠷ ᠪᠦᠭᠦᠳᠡ ᠬᠤᠷᠠᠯᠳᠤᠭᠠᠨ ᠠᠴᠠ ᠲᠤᠮᠳᠠᠳᠤ ᠤᠯᠤᠰ ᠤᠨ ᠡᠪ ᠬᠠᠮᠲᠤ ᠨᠠᠮ ᠤᠨ ᠬᠠᠩᠭᠢᠨ | ᠬᠤᠰᠢᠭᠤᠨ ᠤ ᠠᠷᠪᠠᠨ ᠲᠦᠷᠪᠡᠳᠥᠭᠡᠷ ᠤᠳᠠᠭᠠᠨ ᠤ ᠲᠦᠯᠥᠭᠡᠯᠡᠭᠴᠢᠳ ᠤᠨ ᠶᠡᠭᠡ ᠬᠤᠷᠠᠯ ᠤᠨ ᠲᠦᠯᠥᠭᠡᠯᠡᠭᠴᠢ 215 ᠨᠡᠷᠡᠰ ᠢ ᠳᠣᠭᠲᠠᠭᠠᠵᠤ᠂ ᠡᠯ᠎ᠡ | ᠰᠤᠩᠭᠤᠭᠤᠯᠢ ᠶᠢᠨ ᠨᠢᠭᠡᠴᠡ ᠳᠤ ᠬᠤᠪᠢᠶᠠᠨ ᠰᠤᠩᠭᠤᠵᠤ ᠭᠠᠷᠭᠠᠭᠰᠠᠨ ᠲᠦᠯᠥᠭᠡᠯᠡᠭᠴᠢ 215 ᠨᠡᠷᠡᠰ᠃ ᠲᠤᠮᠳᠠᠳᠤ ᠤᠯᠤᠰ ᠤᠨ ᠡᠪ ᠬᠠᠮᠲᠤ ᠨᠠᠮ ᠤᠨ ᠬᠠᠩᠭᠢᠨ | ᠬᠤᠰᠢᠭᠤᠨ ᠤ ᠠᠷᠪᠠᠨ ᠲᠦᠷᠪᠡᠳᠥᠭᠡᠷ ᠤᠳᠠᠭᠠᠨ ᠤ ᠲᠦᠯᠥᠭᠡᠯᠡᠭᠴᠢᠳ ᠤᠨ ᠶᠡᠭᠡ ᠬᠤᠷᠠᠯ ᠤᠨ ᠲᠦᠯᠥᠭᠡᠯᠡᠭᠴᠢ ᠶᠢᠨ ᠰᠤᠩᠭᠤᠭᠤᠯᠢ ᠶᠢᠨ ᠠᠵᠢᠯ ᠨᠢ ᠠᠷᠠᠳᠴᠢᠯᠠᠯ | ᠲᠦᠪᠯᠠᠷᠠᠯ ᠤᠨ ᠵᠠᠷᠴᠢᠮ ᠢ ᠨᠢᠮᠪᠠᠢ ᠲᠤᠭᠤᠰᠢᠯᠠᠭᠤᠯᠤᠨ ᠬᠡᠷᠡᠭᠵᠢᠭᠦᠯᠪᠡ᠃ ᠡᠯ᠎ᠡ ᠰᠤᠩᠭᠤᠭᠤᠯᠢ ᠶᠢᠨ ᠨᠢᠭᠡᠴᠡ ᠨᠠᠷᠢᠨ ᠬᠢᠨᠠᠮᠠᠭᠠᠢ ᠪᠠᠶᠢᠷᠢᠯᠠᠭᠤᠯᠤᠨ ᠵᠤᠬᠢᠶᠠᠨ | ᠪᠠᠶᠢᠭᠤᠯᠵᠠᠢ᠃ ᠲᠦᠯᠥᠭᠡᠯᠡᠭᠴᠢ ᠪᠠᠷ ᠵᠢᠱᠢᠭᠳᠡᠭᠴᠢ ᠶᠢ ᠶᠠᠷᠢᠯᠴᠠᠵᠤ ᠲᠤᠭᠲᠠᠭᠠᠬᠤ ᠳᠤ ᠪᠠᠨ ᠳᠤᠤᠷ᠎ᠠ ᠠᠴᠠ ᠳᠡᠭᠡᠭᠰᠢ᠂ ᠳᠡᠭᠡᠷ᠎ᠡ ᠳᠤᠤᠷᠠᠬᠢ ᠶᠢ ᠤᠶᠠᠯᠳᠤᠭᠤᠯᠵᠤ᠂ | ᠳᠠᠬᠢᠨ ᠳᠠᠪᠲᠠᠨ ᠶᠠᠷᠢᠯᠴᠠᠨ ᠱᠠᠲᠤ ᠳᠠᠷᠠᠭᠠᠯᠠᠨ ᠰᠤᠩᠭᠤᠵᠤ᠂ ᠡᠯ᠎ᠡ ᠲᠠᠯ᠎ᠠ ᠶᠢᠨ ᠰᠠᠨᠠᠯ ᠢ ᠦᠷᠭᠡᠨ ᠢᠶᠠᠷ ᠰᠤᠨᠤᠰᠪᠠ᠃ ᠵᠢᠱᠢᠭᠳᠡᠭᠴᠢ ᠪᠠᠷ ᠰᠤᠩᠭᠤᠬᠤ ᠬᠥᠮᠥᠨ ᠢ | ᠨᠠᠮ ᠤᠨ ᠡᠭᠦᠷ ᠠᠴᠠ ᠲᠠᠨᠢᠯᠴᠠᠭᠤᠯᠤᠨ ᠳᠡᠪᠰᠢᠭᠦᠯᠵᠤ᠂ ᠵᠤᠬᠢᠶᠠᠨ ᠪᠠᠶᠢᠭᠤᠯᠤᠯᠲᠠ ᠠᠴᠠ ᠬᠢᠨᠠᠨ ᠪᠠᠶᠢᠴᠠᠭᠠᠬᠤ ᠪᠠᠷ ᠳᠠᠮᠵᠢᠨ ᠵᠢᠱᠢᠭᠳᠡᠭᠴᠢ ᠪᠠᠷ ᠠᠩᠬ᠎ᠠ ᠠᠯᠬᠤᠮ | ᠰᠤᠩᠭᠤᠭᠳᠠᠬᠤ ᠬᠥᠮᠥᠨ ᠢ ᠬᠠᠮᠲᠤ ᠪᠠᠷ ᠶᠠᠷᠢᠯᠴᠠᠨ ᠲᠤᠭᠳᠠᠭᠠᠵᠤ᠂ ᠨᠠᠮ ᠤᠨ ︵ᠠᠵᠢᠯ ᠤᠨ ᠵᠦᠪᠯᠠᠯ︶ ᠬᠤᠷᠢᠶᠠᠨ ︵ᠦᠷᠭᠡᠳᠭᠡᠭᠰᠡᠨ︶ ᠤ ᠬᠤᠷᠠᠯ ᠪᠤᠶᠤ ᠨᠠᠮ ᠤᠨ | ᠬᠡᠰᠢᠭᠦᠳ ᠤᠨ ᠶᠡᠭᠡ ᠬᠤᠷᠠᠯ ᠢᠶᠠᠷ ᠳᠠᠮᠵᠢᠨ ᠶᠠᠷᠢᠯᠴᠠᠨ ᠲᠤᠬᠲᠠᠭᠠᠭᠠᠳ ᠬᠤᠰᠢᠭᠤ ᠨᠠᠮ ᠤᠨ ᠬᠤᠷᠢᠶ᠎ᠠ ᠳᠤ ᠮᠡᠳᠡᠭᠦᠯᠦᠨ ᠬᠢᠨᠠᠨ ᠪᠠᠶᠢᠴᠠᠭᠠᠯᠭᠠᠵᠤ ᠵᠦᠪᠰᠢᠶᠡᠷᠡᠭᠦᠯᠪᠠ᠃ | ᠲᠦᠯᠥᠭᠡᠯᠡᠭᠴᠢᠳ ᠢ ᠰᠣᠩᠭᠤᠵᠤ ᠭᠠᠷᠭᠠᠬᠤ ᠳᠤ ᠨᠠᠮ ᠤᠨ ᠲᠥᠷᠢᠮ ᠪᠤᠯᠤᠨ ᠨᠠᠮ ᠤᠨ ᠲᠥᠪ ᠬᠤᠷᠢᠶᠠᠨ ᠤ ᠬᠤᠯᠪᠤᠭᠳᠠᠯ ᠪᠥᠬᠦᠢ ᠲᠤᠭᠲᠠᠭᠠᠯ ᠢ ᠴᠢᠩᠭ᠎ᠠ ᠵᠢᠷᠤᠮᠯᠠᠨ | ᠭᠦᠢᠴᠡᠳᠭᠡᠵᠤ᠂ ᠨᠡᠷ᠎ᠡ ᠲᠡᠮᠲᠡᠭᠯᠡᠬᠦ ᠦᠭᠡᠢ ᠰᠤᠩᠭᠤᠭᠤᠯᠢ ᠶᠢᠨ ᠠᠷᠭ᠎ᠠ ᠶᠢ ᠬᠡᠷᠡᠭᠯᠡᠵᠦ᠂ ᠵᠦᠷᠢᠶᠡᠲᠤ ᠲᠤᠭᠠᠨ ᠤ ᠰᠣᠩᠭᠤᠭᠤᠯᠢ ᠶᠢ ᠶᠠᠪᠤᠭᠤᠯᠪᠠ᠃ | ᠰᠣᠩᠭᠤᠭᠳᠠᠭᠰᠠᠨ ᠲᠦᠯᠥᠭᠡᠯᠡᠭᠴᠢ ᠶᠢᠨ ᠣᠯᠣᠭᠰᠠᠨ ᠵᠦᠪᠰᠢᠶᠡᠷᠡᠭᠰᠡᠨ ᠪᠢᠯᠧᠲ ᠤᠨ ᠲᠤᠭ᠎ᠠ ᠨᠢ ᠬᠤᠷᠠᠯ ᠳᠤ ᠤᠷᠤᠯᠴᠠᠭᠰᠠᠨ ᠲᠦᠯᠥᠭᠡᠯᠡᠭᠴᠢᠳ ᠪᠤᠶᠤ ᠬᠤᠷᠠᠯ ᠳᠤ | ᠤᠷᠤᠯᠴᠠᠭᠰᠠᠨ ᠪᠦᠬᠦ ᠨᠠᠮ ᠤᠨ ᠭᠡᠰᠢᠭᠦᠨ ᠤ ᠲᠣᠭᠠᠨ ᠤ ᠬᠠᠭᠠᠰ ᠠᠴᠠ ᠳᠠᠪᠠᠭᠰᠠᠨ ᠪᠠᠶᠢᠨ᠎ᠠ᠃ | ᠡᠨᠡ ᠤᠳᠠᠭᠠᠨ ᠤ ᠰᠤᠩᠭᠤᠭᠰᠠᠨ 215 ᠲᠦᠯᠦᠭᠡᠯᠡᠭᠴᠢ ᠨᠢ ᠦᠷᠭᠡᠨ ᠳᠡᠯᠭᠡᠷ ᠲᠦᠯᠥᠭᠡᠯᠡᠬᠦ ᠬᠥᠴᠥᠨ ᠲᠠᠢ᠃ ᠲᠦᠯᠥᠭᠡᠯᠡᠭᠴᠢ ᠶᠢᠨ ᠳᠤᠮᠳᠠ ᠡᠯ᠎ᠡ | ᠱᠠᠲᠤᠨ ᠤ ᠺᠠᠳ᠋ᠷ123 ᠬᠥᠮᠥᠨ᠂ 57.21% ᠶᠢ ᠡᠵᠡᠯᠡᠵᠤ᠂ ᠦᠢᠯᠡᠳᠪᠦᠷᠢᠯᠠᠯ ᠪᠤᠯᠤᠨ ᠠᠵᠢᠯ ᠤᠨ ᠨᠢᠭᠡᠳᠥᠭᠡᠷ ᠹᠷᠣᠨᠲ ᠲᠤ ᠠᠵᠢᠯᠯᠠᠵᠤ ᠪᠠᠶᠢᠭ᠎ᠠ ᠨᠠᠮ ᠤᠨ | ᠭᠡᠰᠢᠭᠦᠨ188 ᠨᠡᠷᠡᠰ᠂ 40.93% ᠶᠢ ᠡᠵᠡᠯᠡᠪᠡ᠃ ᠴᠢᠯᠥᠭᠡᠯᠡᠬᠦ ᠴᠡᠷᠢᠭ ᠪᠤᠯᠤᠨ ᠵᠡᠪᠰᠡᠭᠲᠦ ᠴᠠᠭᠳᠠᠭ᠎ᠠ ᠶᠢᠨ ᠴᠡᠷᠢᠭ ᠠᠩᠭᠢ ᠶᠢᠨ ᠲᠦᠯᠦᠭᠡᠯᠡᠭᠴᠢ 4 ᠬᠥᠮᠥᠨ᠂ | 1.86 % ᠶᠢ ᠡᠵᠡᠯᠠᠵᠤ᠂ ᠡᠯ᠎ᠡ ᠲᠦᠷᠥᠯ ᠤᠨ ᠲᠤᠰᠬᠠᠢ ᠮᠠᠷᠭᠡᠵᠢᠯ ᠤᠨ ᠠᠵᠢᠯᠲᠠᠨ46 ᠬᠥᠮᠦᠨ᠂ 21.40 % ᠶᠢ ᠡᠵᠡᠯᠡᠵᠡᠢ᠂ ᠡᠯ᠎ᠡ ᠹᠷᠣᠨᠲ ᠤᠨ | ᠵᠢᠱᠢᠶᠡᠴᠢ ᠬᠥᠮᠥᠰ 42 ᠬᠥᠮᠦᠨ᠂19.53 % ᠶᠢ ᠡᠵᠡᠯᠡᠵᠤ᠂ ᠡᠭᠦᠨ ᠳᠤ ᠠᠵᠢᠯᠴᠢᠨ 11 ᠬᠥᠮᠦᠨ᠂ ᠮᠠᠯᠴᠢᠨ ᠲᠠᠷᠢᠶᠠᠴᠢᠨ 29 ᠬᠥᠮᠦᠨ᠃ ᠡᠮᠡᠭᠲᠡᠢ | ᠲᠦᠯᠥᠭᠡᠯᠡᠭᠴᠢ 61 ᠬᠥᠮᠦᠨ᠂ 28.37 % ᠶᠢ ᠡᠵᠡᠯᠡᠭᠰᠡᠨ ᠪᠠᠶᠢᠨ᠎ᠠ᠃ ᠴᠦᠭᠡᠨ ᠲᠤᠭᠠᠲᠤ ᠦᠨᠳᠥᠰᠥᠲᠡᠨ ᠤ ᠲᠦᠯᠥᠭᠡᠯᠡᠭᠴᠢ 60 ᠬᠥᠮᠦᠨ᠂ 27.91 | % ᠶᠢ ᠡᠵᠡᠯᠡᠪᠡ᠃ ᠳᠡᠭᠡᠲᠤ ᠵᠡᠷᠭᠡ ᠶᠢᠨ ᠲᠤᠰᠬᠠᠢ ᠮᠡᠷᠭᠡᠵᠢᠯ ᠤᠨ ᠰᠤᠶᠦᠯ ᠤᠨ ᠬᠢᠷᠢ ᠬᠡᠮᠵᠢᠶ᠎ᠡ ᠠᠴᠠ ᠳᠡᠭᠡᠭᠰᠢ ᠰᠤᠶᠤᠯ ᠤᠨ ᠬᠡᠮᠵᠢᠶ᠎ᠡ ᠲᠠᠢ ᠲᠦᠯᠥᠭᠡᠯᠡᠭᠴᠢ 191 | ᠬᠥᠮᠦᠨ ᠪᠠᠶᠢᠵᠤ᠂ 88.84 % ᠶᠢ ᠡᠵᠡᠯᠡᠵᠡᠢ᠃ 45 ᠨᠠᠰᠤᠨ ︵45ᠨᠠᠰᠤ ᠶᠢ ᠪᠠᠭᠠᠲᠠᠨᠠ︶ ᠠᠴᠠ ᠳᠣᠭᠤᠭᠰᠢᠬᠢ ᠨᠠᠰᠤᠨ ᠤ ᠲᠦᠯᠥᠭᠡᠯᠡᠭᠴᠢ 135 ᠬᠥᠮᠦᠨ | ᠂ 62.79 % ᠶᠢ ᠡᠵᠡᠯᠡᠭᠰᠡᠨ ᠪᠠᠶᠢᠨ᠎ᠠ᠃ ᠡᠨᠡ ᠤᠳᠠᠭᠠᠨ ᠤ ᠰᠤᠩᠭᠤᠵᠤ ᠭᠠᠷᠭᠠᠭᠰᠠᠨ ᠲᠦᠯᠥᠭᠡᠯᠡᠭᠴᠢᠳ ᠤᠨ ᠤᠯᠠᠩᠬᠢ ᠨᠢ ᠡᠯ᠎ᠡ ᠭᠠᠵᠠᠷ ᠤᠷᠤᠨ᠂ ᠡᠯ᠎ᠡ | ᠰᠠᠯᠠᠭ᠎ᠠ ᠮᠦᠴᠢᠷ᠂ ᠡᠯ᠎ᠡ ᠨᠢᠭᠡᠴᠡ ᠶᠢᠨ ᠤᠯᠠᠨ ᠲᠦᠮᠡᠨ ᠲᠠᠢ ᠨᠢᠭᠲᠠ ᠬᠠᠷᠢᠯᠴᠠᠳᠠᠭ᠂ ᠢᠲᠡᠭᠡᠯ ᠬᠥᠨᠳᠤ ᠪᠠᠷ ᠰᠠᠶᠢᠨ᠂ ᠭᠠᠪᠢᠶ᠎ᠠ ᠵᠢᠳᠬᠦᠯ ᠲᠠᠢ᠂ ᠬᠡᠷᠡᠭ ᠵᠦᠪᠯᠠᠬᠦ | ᠴᠢᠳᠠᠪᠤᠷᠢ ᠴᠢᠩᠭ᠎ᠠ ᠨᠠᠮ ᠤᠨ ᠭᠡᠰᠢᠭᠦᠳ ᠪᠤᠯᠤᠨ᠎ᠠ᠃ | ᠲᠦᠯᠥᠭᠡᠯᠡᠭᠴᠢ ᠶᠢ ᠰᠤᠩᠭᠤᠵᠤ ᠭᠠᠷᠭᠠᠭᠰᠠᠨ ᠤ ᠳᠠᠷᠠᠭ᠎ᠠ᠂ ᠲᠦᠯᠥᠭᠡᠯᠡᠭᠴᠢ ᠪᠠᠷ ᠰᠣᠩᠭᠤᠭᠳᠠᠭᠰᠠᠳ ᠢ ᠲᠤᠰᠬᠠᠭᠰᠠᠨ ᠵᠠᠬᠢᠲᠠᠯ ᠰᠤᠷᠪᠤᠯᠵᠢᠯᠠᠭ᠎ᠠ ᠦᠭᠡᠢ᠃ | ᠲᠦᠯᠥᠭᠡᠯᠡᠭᠴᠢ ᠶᠢᠨ ᠬᠢᠷᠢ ᠬᠡᠮ ᠢ ᠬᠢᠨᠡᠨ ᠪᠠᠶᠢᠴᠠᠭᠠᠬᠤ ᠵᠦᠪᠯᠠᠯ ᠤᠨ ᠦᠵᠡᠬᠦ ᠪᠠᠷ ᠪᠦᠬᠦ ᠬᠤᠰᠢᠭᠤᠨ ᠤ ᠶᠢᠰᠥᠨ ᠰᠤᠩᠭᠤᠭᠤᠯᠢ ᠶᠢᠨ ᠨᠢᠭᠡᠴᠡ ᠶᠢᠨ | ᠰᠤᠩᠭᠤᠭᠰᠠᠨ 215 ᠲᠦᠯᠥᠭᠡᠯᠡᠭᠴᠢ ᠨᠢ ᠪᠦᠷ ᠨᠠᠮ ᠤᠨ ᠲᠥᠷᠢᠮ ᠪᠤᠯᠤᠨ ︽ᠬᠠᠩᠭᠢᠨ ᠬᠤᠰᠢᠭᠤᠨ ᠤ ᠬᠤᠷᠢᠶᠠᠨ ᠤ ᠠᠯᠪᠠᠨ ᠭᠡᠷ ᠤᠨ ᠲᠤᠮᠳᠠᠳᠤ ᠤᠯᠤᠰ ᠤᠨ ᠡᠪ | ᠬᠠᠮᠲᠤ ᠨᠠᠮ ᠤᠨ ᠬᠠᠩᠭᠢᠨ ᠬᠤᠰᠢᠭᠤᠨ ᠤ ᠠᠷᠪᠠᠨ ᠲᠦᠷᠪᠡᠳᠥᠭᠡᠷ ᠤᠳᠠᠭᠠᠨ ᠤ ᠲᠦᠯᠥᠭᠡᠯᠡᠭᠴᠢᠳ ᠤᠨ ᠶᠡᠭᠡ ᠬᠤᠷᠠᠯ ᠤᠨ ᠲᠦᠯᠥᠭᠡᠯᠡᠭᠴᠢ ᠶᠢ ᠰᠤᠩᠭᠤᠬᠤ | ᠠᠵᠢᠯ ᠤᠨ ᠲᠤᠬᠠᠢ ᠮᠡᠳᠡᠭᠳᠡᠯ︾ ᠤᠨ ᠬᠤᠯᠪᠤᠭᠳᠠᠯ ᠪᠥᠬᠦᠢ ᠲᠤᠭᠲᠠᠭᠠᠯ ᠂ ᠲᠦᠯᠥᠭᠡᠯᠡᠭᠴᠢ ᠰᠤᠩᠭᠤᠬᠤ ᠲᠡᠰ ᠳᠠᠷᠠᠭᠠᠯᠠᠯ ᠪᠤᠯᠤᠨ ᠨᠦᠭᠦᠴᠡᠯ ᠳᠤ ᠪᠦᠷ ᠨᠡᠶᠢᠴᠡᠵᠤ᠂ | ᠲᠦᠯᠥᠭᠡᠯᠡᠭᠴᠢ ᠶᠢᠨ ᠬᠢᠷᠢ ᠬᠡᠮ ᠬᠥᠴᠥᠨ ᠲᠠᠢ᠃ | ᠳᠡᠭᠡᠷᠡᠬᠢ ᠮᠡᠳᠡᠭᠦᠯᠥᠯᠲᠡ ᠶᠢ ᠶᠡᠭᠡ ᠬᠤᠷᠠᠯ ᠳᠤ ᠳᠡᠪᠰᠢᠭᠦᠯᠵᠤ ᠬᠢᠨᠠᠨ ᠶᠠᠷᠢᠯᠴᠠᠭᠤᠯᠤᠨ᠎ᠠ᠃ | | |