ᠬᠠᠩᠬᠢᠨ ᠬᠤᠰᠢᠭᠤ ᠪᠤᠯ ᠮᠠᠨ ᠤ ᠠᠶᠢᠮᠠᠭ ᠤᠨ ᠬᠤᠶᠢᠳᠤ ᠪᠡᠶ᠎ᠡ ᠶᠢᠨ ᠬᠦᠪᠴᠢ ᠶᠢᠨ ᠡᠯᠡᠰᠤ ᠶᠢᠨ ᠬᠤᠶᠠᠷ ᠲᠠᠯ᠎ᠠ᠂ ᠬᠠᠳᠤᠨ ᠭᠤᠤᠯ ᠤᠨ ᠡᠮᠤᠨ᠎ᠡ ᠬᠦᠪᠡᠭᠡ | ᠪᠠᠷ ᠪᠠᠶᠢᠷᠢᠰᠢᠵᠤ ᠪᠤᠢ᠃ | ︽ᠬᠠᠩᠬᠢᠨ︾ ᠭᠡᠳᠡᠭ ᠦᠭᠡ ᠪᠤᠯ ᠲᠦᠷᠺ ᠭᠠᠷᠤᠯᠳᠠᠢ ᠦᠭᠡ ᠶᠤᠮ᠃ ᠪᠠᠷᠠᠭᠤᠨ ᠬᠤᠶᠢᠳᠤ ᠬᠢᠵᠠᠭᠠᠷ ᠤᠨ ᠨᠢᠭᠡᠨ ᠡᠷᠳᠡᠨ ᠤ ᠠᠶᠢᠮᠠᠭ ᠤᠭᠰᠠᠭ᠎ᠠ ᠶᠢᠨ ᠨᠡᠷ᠎ᠡ | ᠪᠢᠯᠡ᠃ ᠲᠡᠷᠭᠡ ᠭᠡᠰᠡᠨ ᠤᠳᠬ᠎ᠠ ᠲᠠᠢ᠃ ︽ᠲᠡᠤᠬᠡ ᠶᠢᠨ ᠴᠢᠭᠤᠯᠭᠠᠨ︾ ᠳᠤ᠄ ︽ᠲᠡᠳᠡ ᠦᠪᠡᠷ ᠢᠶᠠᠨ ᠲᠡᠷᠭᠡ ᠦᠢᠯᠡᠳᠴᠤ ᠤᠯᠵᠠᠯᠠᠭᠰᠠᠨ ᠶᠠᠭᠤᠮ᠎ᠠ ᠪᠠᠨ | ᠲᠡᠷᠭᠡᠨ ᠳᠡᠭᠡᠷ᠎ᠡ ᠳᠡᠭᠡᠭᠡᠪᠦᠷᠢᠯᠡᠳᠡᠭ᠃ ᠲᠦᠷᠺ ᠬᠡᠯᠡᠨ ᠳᠤ ᠲᠡᠷᠭᠡ ᠶᠢ ︿ᠬᠠᠩᠯᠢᠳ﹀ ᠭᠡᠵᠤ ᠭᠡᠯᠳᠡᠭ︾ ᠭᠡᠵᠡᠢ᠃ ︽ᠡᠷᠳᠡᠨᠢ ᠶᠢᠨ ᠲᠤᠪᠴᠢ︾ ᠳᠤ ︽ᠬᠠᠩᠬᠢᠨ︾ | ᠭᠡᠵᠤ ᠳᠡᠮᠳᠡᠭᠯᠡᠵᠤ ᠪᠤᠢ᠃ | 1219 ᠤᠨ ᠳᠤ ᠴᠢᠩᠬᠢᠰ ᠬᠠᠭᠠᠨ ᠰᠦᠪᠡᠭᠡᠳᠡᠢ᠂ ᠵᠡᠪᠡ ᠬᠤᠶᠠᠷ ᠢ ᠲᠤᠮᠢᠯᠠᠵᠤ ᠰᠠᠷᠳᠠᠭᠤᠯ ᠢ ᠡᠷᠭᠡᠰᠢᠶᠠᠯ ᠳᠡᠭᠡᠨ ᠤᠷᠤᠭᠤᠯᠤᠭᠠᠳ ᠪᠠᠰᠠ ᠦᠷᠭᠦᠯᠵᠢᠯᠡᠨ | ᠪᠠᠷᠠᠭᠤᠨᠰᠢ ᠳᠤᠪᠳᠤᠯᠤᠨ ᠢᠵᠢᠯ ᠮᠦᠷᠡᠨ — ᠣᠳᠤ ᠶᠢᠨ ᠸᠤᠯᠭ᠎ᠠ ᠮᠦᠷᠡᠨ ᠢ ᠭᠡᠳᠤᠯᠵᠤ ᠮᠤᠰᠺᠸᠠ ᠬᠤᠳᠠ ᠶᠢ ᠡᠵᠡᠯᠡᠨ ᠠᠪᠤᠪᠠ᠃ ︽ᠬᠠᠩᠯᠢᠳ︾ ᠲᠤᠬᠠᠢ | ᠶᠢᠨ ᠦᠶ᠎ᠡ ᠳᠤ ᠺᠠᠰᠫᠢ ᠲᠠᠩᠬᠢᠰ ᠠᠴᠠ ᠵᠡᠬᠦᠨᠰᠢ ᠦᠷᠭᠡᠨ ᠠᠭᠤᠳᠠᠮ ᠲᠠᠯ᠎ᠠ ᠨᠤᠳᠤᠭ ᠲᠤ ᠠᠮᠢᠳᠤᠷᠠᠵᠤ ᠪᠠᠶᠢᠭᠰᠠᠨ ᠤᠯᠠᠨ ᠠᠶᠢᠮᠠᠭ ᠪᠦᠯᠦᠭ ᠤᠳ ᠤᠨ ᠨᠢᠭᠡ ᠨᠢ | ᠮᠦᠨ᠃ ᠮᠤᠩᠭᠤᠯ ᠤᠨ ᠴᠡᠷᠢᠭ ᠬᠠᠩᠯᠢᠳ ᠢ ᠡᠷᠭᠡᠰᠢᠶᠡᠯ ᠳᠡᠭᠡᠨ ᠤᠷᠤᠭᠤᠯᠤᠭᠰᠠᠨ ᠤ ᠳᠠᠷᠠᠭ᠎ᠠ ᠲᠡᠳᠡᠨ ᠤ ᠤᠯᠠᠩᠬᠢ ᠶᠢ ᠨᠢ ᠴᠡᠷᠢᠭ ᠲᠤ ᠤᠷᠤᠭᠤᠯᠵᠤ᠂ ᠢᠳᠡᠷ | ᠵᠠᠯᠠᠭᠤᠴᠤᠳ ᠢ ᠬᠤᠷᠴᠠ ᠴᠡᠷᠢᠭ ᠢᠶᠠᠨ ᠪᠤᠯᠭᠠᠪᠠ᠃ ᠬᠠᠩᠯᠢᠳ ᠵᠤᠷᠢᠭ ᠰᠦᠯᠳᠡ ᠴᠢᠩᠭ᠎ᠠ᠂ ᠳᠠᠶᠢᠯᠠᠵᠤ ᠪᠠᠶᠢᠯᠳᠤᠬᠤ ᠳᠤ ᠪᠠᠭᠠᠳᠤᠷ ᠪᠤᠯᠬᠤᠷ ᠴᠢᠩᠬᠢᠰ ᠬᠠᠭᠠᠨ ᠤ | ᠠᠤᠭ᠎ᠠ ᠦᠢᠯᠡᠰ ᠲᠤ ᠨᠤᠬᠠᠢ ᠮᠤᠷᠢᠨ ᠤ ᠵᠢᠳᠬᠦᠯ ᠲᠠᠢ ᠶᠤᠮ᠃ ︽ᠶᠤᠸᠠᠨ ᠤᠯᠤᠰ ᠤᠨ ᠲᠡᠤᠬᠡ︾ ᠳᠤ ᠬᠠᠩᠯᠤᠨ ᠤᠪᠤᠭᠳᠠᠨ᠂ ᠬᠠᠮᠤᠭ ᠤᠨ ᠤᠯᠠᠨ | ᠳᠡᠮᠳᠡᠭᠯᠡᠭᠳᠡᠵᠤ ᠪᠠᠶᠢᠳᠠᠭ᠃ ᠲᠡᠳᠡᠨ ᠤᠷᠳᠤ ᠣᠳᠠᠭᠠᠨ ᠲᠡᠤᠭᠡ ᠶᠢᠨ ᠶᠠᠪᠤᠴᠠ ᠶᠢ ᠦᠩᠭᠡᠷᠭᠡᠭᠡᠳ ᠠᠭᠠᠵᠢᠮ ᠢᠶᠠᠷ ᠮᠤᠩᠭᠤᠯᠵᠢᠵᠤ᠂ ᠮᠤᠩᠭᠤᠯ ᠤᠨ ᠨᠢᠭᠡᠨ ᠠᠶᠢᠮᠠᠭ | ᠤᠭᠰᠠᠭ᠎ᠠ ᠪᠤᠯᠤᠭᠠᠳ ᠮᠤᠩᠭᠤᠯ ᠤᠨ ᠡᠯ᠎ᠡ ᠭᠠᠵᠠᠷ ᠲᠤ ᠰᠠᠭᠤᠵᠤ ᠪᠠᠶᠢᠪᠠ᠃ ᠣᠷᠳᠤᠰ ᠠᠶᠢᠮᠠᠭ ᠪᠤᠷᠤᠳᠤᠬᠤᠢ ᠳᠤ ᠨᠤᠳᠤᠭᠯᠠᠬᠤ ᠦᠶ᠎ᠡ ᠳᠤ ᠲᠡᠳᠡ ᠪᠠᠰᠠ ᠬᠠᠮᠳᠤ | ᠪᠠᠷ ᠪᠤᠷᠤᠳᠤᠬᠤᠢ ᠳᠤ ᠢᠷᠡᠵᠤ ᠮᠠᠯ ᠮᠠᠯᠵᠢᠨ ᠠᠮᠢᠳᠤᠷᠠᠵᠠᠢ᠃ | ᠮᠢᠩ ᠣᠯᠣᠰ ᠤᠨ ᠦᠶ᠎ᠡ ᠳᠤ ᠬᠦᠨᠪᠢᠯᠢᠭ ᠮᠡᠷᠭᠡᠨ ᠵᠢᠨᠤᠩ ᠤᠨ ᠭᠤᠷᠪᠠᠳᠤᠭᠠᠷ ᠬᠦᠪᠡᠬᠦᠨ ᠤᠶᠢᠳᠠᠷᠮᠠ ᠨᠤᠶᠠᠨ ᠵᠠᠬᠢᠷᠤᠨ ᠰᠠᠭᠤᠵᠤ ᠪᠠᠶᠢᠭᠠᠳ ᠰᠡᠭᠦᠯ ᠳᠤ | ᠳᠠᠯᠠᠳ ᠮᠡᠷᠭᠡᠳ ᠲᠠᠢ ᠬᠤᠪᠢᠶᠠᠯᠴᠠᠵᠤ ᠲᠡᠭᠦᠨ ᠤ ᠠᠬᠠᠮᠠᠳ ᠬᠦᠪᠡᠬᠦᠨ ᠤ ᠳᠠᠬᠠᠢ ᠬᠤᠰᠢᠭᠤᠴᠢ ᠨᠤᠶᠠᠨ ᠵᠠᠬᠢᠷᠪᠠ᠃ ᠴᠢᠩ ᠣᠯᠣᠰ ᠤᠨ ᠦᠶ᠎ᠡ ᠳᠤ ᠳᠡᠳᠡᠨ ᠢ | ᠤᠷᠳᠤᠰ ᠪᠠᠷᠠᠭᠤᠨ ᠭᠠᠷᠤᠨ ᠬᠤᠶᠢᠳᠤ ᠬᠤᠰᠢᠭᠤ ᠪᠤᠯᠭᠠᠨ ᠬᠤᠪᠢᠶᠠᠭᠠᠳ ᠳᠠᠬᠠᠢ ᠬᠤᠰᠢᠭᠤᠴᠢ ᠨᠤᠶᠠᠨ ᠵᠢᠴᠢ ᠪᠠᠭ᠎ᠠ ᠵᠠᠮᠰᠤ ᠶᠢ ᠲᠤᠰ ᠬᠤᠰᠢᠭᠤᠨ ᠤ ᠦᠶ᠎ᠡ | ᠤᠯᠠᠷᠢᠨ ᠵᠠᠯᠭᠠᠮᠵᠢᠯᠠᠬᠤ ᠠᠩᠬᠠᠳᠠᠭᠴᠢ ᠵᠠᠰᠠᠭ ᠬᠤᠰᠢᠭᠤᠨ ᠤ ᠪᠠᠶᠢᠰᠠ ᠡᠷᠭᠦᠮᠵᠢᠯᠡᠪᠡ᠃ ᠭᠡᠪᠡᠴᠤ ︽ᠬᠠᠩᠬᠢᠨ︾ ᠭᠡᠰᠡᠨ ᠨᠡᠷᠡᠶᠢᠳᠤᠯ ᠨᠢ ᠲᠤᠰ ᠬᠤᠰᠢᠭᠤᠨ ᠤ | ᠶᠠᠷᠤ ᠶᠢᠨ ᠨᠡᠷᠡᠶᠢᠳᠤᠯ ᠪᠤᠯᠤᠭᠰᠠᠭᠠᠷ ᠪᠠᠶᠢᠭᠠᠳ ᠴᠢᠯᠤᠭᠡᠯᠡᠭᠳᠡᠭᠰᠡᠨ ᠤ ᠳᠠᠷᠠᠭ᠎ᠠ ᠵᠢᠩᠬᠢᠨᠢ ᠵᠠᠰᠠᠭ ᠵᠠᠬᠢᠯᠭᠠᠨ ᠤ ᠨᠡᠷ᠎ᠡ ᠪᠤᠯᠵᠤ ᠬᠤᠪᠢᠷᠠᠪᠠ᠃ |