ᠦᠶᠡᠷ ᠤᠰᠤᠳᠤᠯ ᠤᠨ ᠲᠠᠷᠠᠭ᠎ᠠ ᠠᠩᠬᠠᠷᠬᠤ ᠵᠦᠢᠯ
ᠨᠡᠶᠢᠲᠡᠯᠡᠭᠰᠡᠨ ᠴᠠᠭ᠄
2022/8/23

      ᠰᠢᠷᠦᠬᠦᠨ ᠪᠤᠷᠤᠭᠠᠨ ᠤᠷᠤᠵᠤ ᠦᠶᠡᠷ ᠪᠠᠭᠤᠭᠰᠠᠨ ᠤ ᠲᠠᠷᠠᠭ᠎ᠠ ᠲᠤᠤᠷᠠᠬᠢ ᠵᠦᠢᠯ ᠢ ᠠᠩᠬᠠᠷᠬᠤ ᠬᠡᠷᠡᠭᠲᠠᠢ᠃

      ᠨᠢᠭᠡ᠂ ᠭᠠᠵᠠᠷ ᠰᠢᠨᠵᠢᠯᠡᠭᠡᠨ ᠤ ᠭᠠᠢ ᠭᠠᠮᠰᠢᠭ ᠢ ᠰᠡᠷᠭᠡᠶᠢᠯᠡᠬᠦ ᠬᠡᠷᠡᠭᠲᠠᠢ᠃ ᠰᠢᠪᠠᠷ ᠴᠢᠯᠠᠭᠤᠨ ᠤ ᠤᠷᠤᠰᠬᠠᠯ᠂ ᠭᠤᠯᠭᠤᠭ᠎ᠠ ᠪᠠᠯ ᠤᠨ ᠨᠤᠷᠠᠯᠲᠠ ᠵᠡᠷᠭᠡ  ᠶᠢᠨ

ᠡᠬᠦᠰᠬᠦ ᠴᠠᠭ ᠨᠢ ᠤᠬᠤᠷ᠂ ᠬᠡᠨᠡᠳᠲᠡ ᠶᠢᠨ ᠴᠢᠨᠠᠷ ᠪᠠ ᠡᠪᠳᠡᠯᠭᠡ ᠶᠢᠨ ᠴᠢᠨᠠᠷ ᠢᠶᠠᠷ ᠴᠢᠩᠭ᠎ᠠ ᠪᠠᠶᠢᠳᠠᠭ᠃

      ᠬᠤᠶᠠᠷ᠂ ᠢᠳᠡᠭᠡᠨ ᠳᠤ ᠬᠤᠤᠷᠳᠠᠭᠳᠠᠬᠤ ᠠᠴᠠ ᠰᠡᠷᠭᠡᠶᠢᠯᠡᠬᠦ ᠬᠡᠷᠡᠭᠲᠠᠢ᠃ ᠦᠶᠡᠷ ᠤᠨ ᠳᠠᠷᠠᠭ᠎ᠠ᠂ ᠢᠳᠡᠭᠡᠨ ᠳᠤ ᠬᠤᠤᠷᠳᠠᠭᠳᠠᠬᠤ ᠨᠢ ᠤᠯᠠᠨ ᠨᠡᠶᠢᠲᠡ  ᠶᠢᠨ

ᠠᠮᠤᠷ ᠲᠦᠪᠰᠢᠨ ᠢ ᠰᠦᠷᠳᠡᠬᠦᠯᠳᠡᠭ᠃ ᠢᠳᠡᠭᠡᠨ ᠤᠮᠳᠠᠭᠠᠨ ᠤ ᠠᠷᠢᠭᠤᠨ ᠴᠡᠪᠡᠷ ᠪᠤᠯᠤᠨ ᠠᠮᠤᠷ ᠲᠦᠪᠰᠢᠨ ᠢ ᠠᠩᠬᠠᠷᠴᠤ᠂ ᠢᠳᠡᠭᠡᠨ ᠠᠴᠠ ᠪᠤᠯᠤᠭᠰᠠᠨ

ᠡᠪᠡᠳᠴᠢᠨ ᠢ ᠰᠡᠷᠭᠡᠶᠢᠯᠡᠨ᠎ᠡ᠃

      ᠭᠤᠷᠪᠠ᠂ ᠦᠶᠡᠷ ᠤᠨ ᠳᠠᠷᠠᠭ᠎ᠠ ᠲᠡᠪᠲᠤᠵᠤ ᠦᠩᠭᠡᠷᠡᠭᠰᠡᠨ ᠭᠡᠷ ᠤᠨ ᠡᠳ᠋ᠯᠡᠯ ᠬᠡᠷᠡᠭᠰᠡᠯ ᠪᠤᠶᠤ ᠤᠮᠳᠠᠭᠠᠨ ᠤ ᠵᠦᠢᠯ ᠢᠯᠵᠠᠷᠠᠵᠤ ᠸᠠᠯᠠᠨ ᠡᠪᠡᠳᠴᠢᠨ ᠤ

ᠪᠡᠺᠲ᠋ᠧᠷᠢ ᠡᠬᠦᠰᠬᠡᠬᠦ ᠵᠡᠷᠭᠡ ᠠᠮᠤᠷ ᠲᠦᠪᠰᠢᠨ ᠤ ᠳᠠᠯᠳᠠ ᠬᠡᠮ ᠢ ᠤᠮᠳᠤᠭᠠᠶᠢᠯᠠᠵᠤ ᠪᠤᠯᠬᠤ ᠦᠬᠡᠢ᠃

      ᠲᠦᠷᠪᠡ᠂ ᠢᠯᠠᠭ᠎ᠠ ᠪᠠᠲᠠᠭᠠᠨ᠎ᠠ ᠶᠢᠨ ᠡᠪᠡᠳᠴᠢᠨ ᠬᠢᠵᠢᠭ ᠢ ᠰᠡᠷᠭᠡᠶᠢᠯᠡᠬᠦ ᠬᠡᠷᠡᠭᠲᠠᠢ᠃ ᠦᠶᠡᠷ ᠤᠨ ᠳᠠᠷᠠᠭ᠎ᠠ ᠢᠯᠠᠭ᠎ᠠ ᠪᠠᠲᠠᠭᠠᠨ᠎ᠠ ᠬᠤᠯᠤᠭᠠᠨ᠎ᠠ ᠵᠡᠷᠭᠡ  ᠨᠢ

ᠶᠡᠭᠡ ᠬᠡᠮᠵᠢᠶ᠎ᠡ ᠪᠠᠷ ᠨᠡᠮᠡᠭᠳᠡᠵᠤ᠂ ᠤᠯᠠᠨ ᠵᠦᠢᠯ ᠤᠨ ᠡᠪᠡᠳᠴᠢᠨ ᠳᠠᠷᠬᠠᠭᠠᠳᠠᠭ᠃

      ᠲᠠᠪᠤ᠂ ᠲᠠᠷᠢᠮᠠᠯ ᠤᠨ ᠡᠪᠡᠳᠴᠢᠨ ᠢ ᠰᠡᠷᠭᠡᠶᠢᠯᠡᠬᠦ ᠬᠡᠷᠡᠭᠲᠠᠢ᠃ ᠦᠶᠡᠷ ᠤᠨ ᠳᠠᠷᠠᠭ᠎ᠠ᠂ ᠤᠷᠭᠤᠮᠠᠯ ᠤᠨ ᠬᠠᠲᠠᠩᠭᠢᠷᠠᠬᠤ ᠡᠪᠡᠳᠴᠢᠨ᠂ ᠴᠠᠭᠠᠨ ᠬᠦᠬᠡᠴᠤ  ᠶᠢᠨ

ᠡᠪᠡᠳᠴᠢᠨ ᠵᠡᠷᠭᠡ ᠡᠬᠦᠰᠳᠡᠭ ᠪᠤᠯᠬᠤᠷ ᠦᠶᠡᠷ ᠤᠨ ᠳᠠᠷᠠᠭ᠎ᠠ ᠤᠷᠴᠢᠨ ᠲᠤᠭᠤᠷᠢᠨ ᠢᠶᠠᠨ ᠴᠠᠭ ᠳᠤᠬᠠᠢ ᠳᠤ ᠨᠢ ᠴᠡᠪᠡᠷᠯᠡᠬᠦ ᠬᠡᠷᠡᠭᠲᠠᠢ᠃

      ᠵᠢᠷᠭᠤᠭ᠎ᠠ᠂ ᠭᠡᠷ ᠤᠨ ᠲᠡᠵᠢᠭᠡᠪᠤᠷᠢ ᠶᠢᠨ ᠪᠤᠬᠢᠷᠳᠤᠯ ᠢ ᠰᠡᠷᠭᠡᠶᠢᠯᠡᠬᠦ ᠬᠡᠷᠡᠭᠲᠠᠢ᠃ ᠦᠶᠡᠷ ᠤᠨ ᠳᠠᠷᠠᠭ᠎ᠠ᠂ ᠠᠮᠢᠲᠠᠨ ᠤ ᠦᠬᠦᠳᠡᠯ ᠢ ᠴᠠᠭ ᠲᠤᠬᠠᠢ ᠳᠤ  ᠨᠢ

ᠪᠤᠯᠠᠬᠤ ᠪᠤᠶᠤ ᠰᠢᠲᠠᠭᠠᠵᠤ᠂ ᠰᠠᠭᠤᠭ᠎ᠠ ᠭᠠᠵᠠᠷ ᠪᠠ ᠤᠰᠤᠨ ᠤ ᠡᠬᠢ ᠰᠤᠷᠪᠤᠯᠵᠢ ᠠᠴᠠ 50 ᠮᠧᠳ᠋ᠷ ᠤᠨ ᠬᠤᠯᠠ᠂ ᠬᠤᠶᠠᠷ ᠮᠧᠳ᠋ᠷ ᠤᠷᠴᠢᠮ ᠤᠨ ᠬᠦᠨ ᠨᠦᠬᠡ

ᠮᠠᠯᠲᠠᠨ ᠪᠤᠯᠠᠵᠤ ᠲᠠᠷᠤᠨ᠎ᠠ᠃

      2022 ᠤᠨ ᠤ ᠳᠡᠭᠡᠷ᠎ᠡ ᠬᠠᠭᠠᠰ ᠵᠢᠯ ᠳᠤ᠂ ᠪᠦᠬᠦ ᠤᠯᠤᠰ ᠲᠤ ᠨᠡᠶᠢᠲᠡ 18 ᠤᠳᠠᠭ᠎ᠠ ᠶᠢᠨ ᠤᠷᠤᠨ ᠪᠦᠰᠡ ᠶᠢᠨ ᠴᠢᠨᠠᠷᠲᠠᠢ ᠰᠢᠷᠦᠬᠦᠨ ᠪᠤᠷᠤᠭᠠᠨ

ᠤᠷᠤᠵᠤ᠂ ᠬᠤᠷ᠎ᠠ ᠲᠤᠨᠳᠠᠰᠤᠨ ᠤ ᠬᠡᠮᠵᠢᠶ᠎ᠡ 306 ᠮᠢᠯᠢᠮᠧᠳ᠋ᠷ ᠲᠤ ᠬᠦᠷᠴᠤ᠂ ᠡᠩ ᠤᠨ ᠵᠢᠯ ᠤᠨ ᠠᠳᠠᠯᠢ ᠬᠤᠭᠤᠴᠠᠭᠠᠨ ᠤ ᠬᠢ ᠠᠴᠠ 11% ᠪᠠᠷ ᠨᠡᠮᠡᠭᠳᠡᠵᠤ᠂

ᠡᠮᠦᠨᠡᠲᠤ ᠤᠷᠤᠨ᠂ ᠬᠦᠬᠡᠮᠦ᠋ᠷᠡᠨ ᠤ ᠡᠮᠦᠨᠡᠲᠤ ᠤᠷᠤᠨ᠂ ᠪᠠᠷᠠᠭᠤᠨ ᠡᠮᠦᠨᠡᠲᠤ ᠤᠷᠤᠨ᠂ ᠵᠡᠬᠦᠨ ᠬᠤᠶᠢᠲᠤ ᠤᠷᠤᠨ ᠵᠡᠷᠭᠡ ᠭᠠᠵᠠᠷ ᠤᠨ ᠪᠤᠷᠤᠭᠠᠨ  ᠤ ᠬᠡᠮᠵᠢᠶ᠎ᠡ ᠪᠠᠭ᠎ᠠ

ᠢᠯᠡᠬᠦᠦ ᠪᠠᠶᠢᠵᠤ᠂ ᠬᠠᠲᠤᠨ ᠭᠤᠤᠯ ᠬᠤᠸᠠᠶᠢᠾᠧ ᠭᠤᠤᠯ ᠤᠨ ᠪᠠᠷᠠᠭᠤᠨ ᠭᠡᠰᠡᠭ᠂ ᠤᠮᠠᠷᠠᠲᠤ ᠤᠷᠤᠨ ᠤ ᠪᠠᠷᠠᠭᠤᠨ ᠭᠡᠰᠡᠭ᠂ ᠪᠠᠷᠠᠭᠤᠨ ᠬᠤᠶᠢᠲᠤ ᠤᠷᠤᠨ ᠵᠡᠷᠭᠡ

ᠭᠠᠵᠠᠷ ᠤᠨ ᠪᠤᠷᠤᠭᠠᠨ ᠤ ᠬᠡᠮᠵᠢᠶ᠎ᠡ ᠨᠡᠯᠢᠶᠡᠳ ᠪᠠᠭ᠎ᠠ ᠪᠠᠶᠢᠪᠠ᠃ ᠡᠮᠦᠨᠡᠲᠤ ᠤᠷᠤᠨ ᠤ ᠦᠶᠡᠷ ᠠᠴᠠ ᠡᠮᠦᠨᠡᠬᠢ ᠬᠤᠭᠤᠴᠠᠭᠠᠨ ᠤ ᠪᠤᠷᠤᠭᠠᠨ ᠤ ᠬᠡᠮᠵᠢᠶ᠎ᠡ᠂ ᠨᠦᠯᠦᠬᠡᠯᠡᠬᠦ

ᠬᠡᠪᠴᠢᠶ᠎ᠡ ᠦᠷᠬᠡᠨ ᠪᠠᠶᠢᠵᠤ᠂ ᠦᠷᠬᠦᠯᠵᠢᠯᠡᠭᠰᠡᠨ ᠴᠠᠭ ᠨᠢ ᠤᠷᠲᠤ᠂ ᠭᠠᠮᠰᠢᠭ ᠤᠨ ᠬᠤᠬᠢᠷᠠᠯ ᠨᠢ ᠬᠦᠨᠲᠤ ᠪᠠᠶᠢᠪᠠ᠃ ᠪᠦᠬᠦ ᠤᠯᠤᠰ ᠲᠤ ᠨᠡᠶᠢᠲᠡ 21 ᠮᠤᠵᠢ ︵

ᠤᠷᠤᠨ᠂ ᠬᠤᠲᠠ︶ ᠶᠢᠨ 426 ᠭᠤᠤᠯ ᠮᠦᠷᠡᠨ ᠳᠤ ᠰᠡᠷᠡᠮᠵᠢᠯᠡᠬᠦᠯᠦᠯ ᠤᠨ ᠬᠡᠮᠵᠢᠶ᠎ᠡ ᠶᠢ ᠳᠠᠪᠠᠭᠰᠠᠨ ᠦᠶᠡᠷ ᠪᠠᠭᠤᠵᠠᠢ᠃ ᠶᠡᠷᠦᠩᠭᠡᠢ ᠳᠤ ᠨᠢ ᠠᠪᠴᠤ ᠦᠵᠡᠪᠡᠯ᠂

ᠳᠡᠭᠡᠷ᠎ᠡ ᠬᠠᠭᠠᠰ ᠵᠢᠯ ᠳᠤ᠂ ᠦᠶᠡᠷ ᠤᠰᠤᠳᠠᠯ ᠤᠨ ᠭᠠᠮᠰᠢᠭ ᠲᠤ 2046 ᠲᠦᠮᠡᠨ ᠬᠦᠮᠦᠨ ᠤᠳᠠᠭ᠎ᠠ ᠭᠠᠮᠰᠢᠭᠳᠠᠵᠤ᠂ ᠭᠠᠮᠰᠢᠭ ᠠᠴᠠ ᠪᠤᠯᠵᠤ 39 ᠬᠦᠮᠦᠨ

ᠠᠳᠡᠵᠤ ᠰᠤᠷᠠᠭ ᠳᠠᠰᠤᠷᠠᠵᠤ᠂ 1.6 ᠲᠦᠮᠡᠨ ᠳᠠᠰᠤᠯᠭ᠎ᠠ ᠭᠡᠷ ᠪᠠᠶᠢᠰᠢᠩ ᠨᠤᠷᠠᠵᠤ᠂ ᠠᠵᠤ ᠠᠬᠤᠢ  ᠶᠢᠨ ᠰᠢᠭᠤᠳ ᠬᠤᠬᠢᠷᠠᠯ 628 ᠳ᠋ᠦᠩᠰᠢᠭᠤᠷ ᠲᠦᠬᠦᠷᠢᠭ ᠲᠤ

ᠬᠦᠷᠦᠭᠰᠡᠨ ᠪᠠᠶᠢᠨ᠎ᠠ᠃

ᠢᠷᠡᠯᠲᠡ᠄ ᠥᠪᠦᠷ ᠮᠣᠩᠭᠣᠯ ᠤᠨ ᠮᠣᠩᠭᠣᠯ ᠷᠠᠳᠢᠤ᠋