1. ᠨᠠᠪᠴᠢᠨ ᠲᠠᠮᠠᠬᠢ᠃ ᠨᠠᠪᠴᠢᠨ ᠲᠠᠮᠠᠬᠢ ᠨᠢ ᠲᠠᠬᠢᠶᠠᠨ ᠤ ᠬᠦᠵᠢ ᠬᠤᠷᠣᠬᠠᠢ ᠶᠢ ᠲᠠᠭᠤᠬᠤ ᠪᠠ ᠭᠡᠷ ᠤᠨ ᠲᠡᠵᠢᠭᠡᠪᠦᠷᠢ ᠶᠢᠨ ᠪᠦᠭᠡᠰᠦ ᠶᠢ ᠠᠯᠠᠬᠤ | ᠴᠢᠳᠠᠪᠤᠷᠢ ᠲᠠᠢ᠃ ᠲᠠᠬᠢᠶᠠᠨ ᠤ ᠬᠦᠵᠢ ᠬᠤᠷᠣᠬᠠᠢ ᠶᠢ ᠲᠠᠭᠤᠬᠤ ᠳᠤ᠂ ᠨᠠᠪᠴᠢᠨ ᠲᠠᠮᠠᠬᠢ ᠪᠠᠨ ᠨᠠᠷᠢᠨ ᠲᠠᠯᠬᠠᠳᠠᠭᠠᠳ ᠪᠣᠷᠳᠣᠭᠠᠨ ᠳᠤᠨᠢ 2% ᠢᠶᠠᠷ ᠬᠤᠯᠢᠵᠤ᠂ | ᠡᠳᠦᠷ ᠲᠤ ᠬᠤᠶᠠᠷ ᠤᠳᠠᠭ᠎ᠠ᠂ 4 — 5 ᠡᠳᠦᠷ ᠳᠠᠷᠠᠭᠠᠯᠠᠨ ᠲᠡᠵᠢᠭᠡᠨ᠎ᠡ᠃ ᠪᠥᠭᠡᠰᠦ ᠠᠯᠠᠬᠤ ᠳᠤ᠂ ᠣᠰᠣᠨ ᠳᠣᠲᠣᠷ᠎ᠠ 2 — 5% ᠪᠠᠷ ᠬᠢᠵᠦ | ᠪᠤᠴᠠᠯᠭᠠᠭᠠᠳ ᠬᠥᠷᠦᠭᠰᠡᠨ ᠤ ᠬᠤᠶᠢᠨ᠎ᠠ ᠪᠡᠶ᠎ᠡ ᠳᠡᠭᠡᠷ᠎ᠡ ᠨᠢ ᠰᠦᠷᠴᠢᠭᠦ ᠪᠤᠶᠤ ᠱᠤᠸᠠᠵᠠᠳᠠᠨ᠎ᠠ | 2. ᠪᠢᠩᠯᠠᠩ᠃ ᠲᠠᠬᠢᠶ᠎ᠠ᠂ ᠨᠤᠭᠤᠰᠤ ᠪᠠ ᠭᠠᠯᠠᠭᠤ ᠶᠢᠨ ᠬᠠᠪᠲᠠᠭᠠᠢ ᠴᠠᠭᠠᠨ ᠬᠤᠷᠣᠬᠠᠢ ᠶᠢ ᠲᠠᠭᠤᠬᠤ ᠳᠤ ᠰᠠᠶᠢᠨ᠃ ᠪᠦᠳᠦᠭᠦᠨ ᠲᠠᠬᠢᠶ᠎ᠠ ᠶᠢ ᠡᠮᠨᠡᠬᠦ ᠳᠡᠭᠡᠨ᠂ | ᠪᠡᠶ᠎ᠡ ᠶᠢᠨ ᠬᠦᠨᠳᠦ ᠶᠢᠨ ᠺᠢᠯᠣᠭ᠍ᠷᠠᠮ ᠪᠦᠷᠢ ᠳᠤ ᠨᠢᠭᠡ ᠭᠷᠡᠮ ᠪᠤᠴᠠᠯᠭᠠᠵᠤ ᠣᠩᠭᠤᠯᠠᠢ ᠳᠤᠨᠢ ᠴᠢᠳᠬᠤᠨ᠎ᠠ᠃ ᠨᠤᠭᠤᠰᠤ ᠪᠠ ᠭᠠᠯᠠᠭᠤ ᠪᠣᠯ ᠪᠢᠩᠯᠠᠩ ᠳᠤ ᠨᠡᠯᠢᠶᠡᠳ | ᠰᠡᠷᠭᠡᠭ ᠪᠣᠯᠬᠤᠷ ᠪᠡᠶ᠎ᠡ ᠶᠢᠨ ᠬᠦᠨᠳᠦ ᠶᠢᠨ ᠺᠢᠯᠣᠭ᠍ᠷᠠᠮ ᠪᠦᠷᠢ ᠳᠤᠨᠢ 0.75 ᠭᠷᠡᠮ ᠢᠶᠠᠷ ᠠᠭᠰᠢᠷᠠᠲᠠᠯ᠎ᠠ ᠪᠤᠴᠠᠯᠭᠠᠭᠠᠳ ᠤᠤᠭᠤᠯᠭᠠᠨ᠎ᠠ᠃ ᠳᠣᠯᠤᠭᠠᠨ ᠬᠤᠨᠤᠭ ᠤᠨ | ᠳᠠᠷᠠᠭ᠎ᠠ ᠲᠠᠬᠢᠨ ᠨᠢᠭᠡ ᠤᠳᠠᠭ᠎ᠠ ᠤᠤᠭᠤᠯᠭᠠᠪᠠᠯ ᠪᠦᠷᠢᠮᠦᠰᠦᠨ ᠡᠮᠨᠡᠵᠦ ᠳᠡᠶᠢᠯᠦᠨ᠎ᠡ᠃ | 3. ᠯᠠᠩᠭᠤᠸᠠ ᠶᠢᠨ ᠦᠷ᠎ᠡ᠃ ᠡᠭᠦᠨ ᠢ ᠨᠠᠷᠢᠨ ᠲᠠᠯᠬᠠᠳᠠᠭᠠᠳ ᠪᠣᠷᠳᠣᠭᠠᠨ ᠳᠣᠲᠣᠷ᠎ᠠ ᠨᠢ ᠬᠤᠯᠢᠵᠤ ᠭᠠᠯᠠᠭᠤᠨ ᠳᠤ ᠢᠳᠡᠭᠦᠯᠪᠡᠯ ᠬᠠᠪᠲᠠᠭᠠᠢ ᠴᠠᠭᠠᠨ | ᠬᠤᠷᠣᠬᠠᠢ ᠶᠢ ᠲᠠᠭᠤᠳᠠᠭ᠃ ᠭᠡᠬᠦ ᠳᠡᠭᠡᠨ ᠪᠦᠳᠦᠭᠦᠨ ᠭᠠᠯᠠᠭᠤᠨ ᠳᠤ 50 ᠭᠷᠡᠮ ᠯᠠᠩᠭᠤᠸᠠ ᠶᠢᠨ ᠦᠷ᠎ᠡ ᠶᠢ ᠪᠣᠷᠳᠣᠭᠠᠨ ᠳᠤᠨᠢ ᠬᠤᠯᠢᠵᠤ ᠢᠳᠡᠭᠦᠯᠦᠨ᠎ᠡ᠃ | 4. ᠹᠦᠯᠮᠢ᠃ ᠹᠥᠯᠮᠢ ᠶᠢᠨ ᠳᠣᠲᠣᠷ᠎ᠠ ᠤᠭᠤᠷᠠᠭ ᠤᠨ ᠢᠰᠬᠡᠭᠦᠷ ᠠᠭᠤᠯᠤᠭᠳᠠᠵᠤ ᠪᠠᠶᠢᠬᠤ ᠪᠣᠯᠬᠤᠷ ᠵᠢᠭᠦᠷᠲᠡᠨ ᠤ ᠬᠠᠪᠲᠠᠭᠠᠢ ᠴᠠᠭᠠᠨ ᠬᠤᠷᠣᠬᠠᠢ ᠶᠢ ᠲᠠᠭᠤᠬᠤ | ᠦᠢᠯᠡᠳᠦᠯ ᠲᠠᠢ᠃ ᠪᠦᠳᠦᠭᠦᠨ ᠵᠢᠭᠦᠷᠲᠡᠨ ᠳᠤ 2 — 4 ᠭᠷᠡᠮ ᠹᠥᠯᠮᠢ ᠶᠢ ᠨᠠᠷᠢᠨ ᠲᠠᠯᠬᠠᠳᠠᠭᠠᠳ ᠬᠥᠷᠥᠭᠡᠭᠰᠡᠨ ᠪᠤᠴᠠᠯᠤᠭᠰᠠᠨ ᠤᠰᠤ ᠪᠠᠷ ᠨᠠᠶᠢᠷᠠᠭᠤᠯᠤᠨ | ᠤᠤᠭᠤᠯᠭᠠᠨ᠎ᠠ᠃ ᠹᠦᠯᠮᠢ ᠨᠢ ᠬᠠᠯᠠᠭᠤᠨ ᠳᠤ ᠬᠢᠯᠪᠡᠷ ᠵᠠᠳᠠᠷᠠᠳᠠᠭ᠃ | 5. ᠪᠤᠮᠤᠭ ᠴᠡᠴᠡᠭ᠃ ᠪᠣᠮᠤᠭ ᠴᠡᠴᠡᠭ ᠨᠢ ᠪᠥᠭᠡᠰᠦ ᠪᠠ ᠬᠢᠯᠭᠠᠰᠤᠨ ᠴᠠᠭᠠᠨ ᠬᠤᠷᠣᠬᠠᠢ ᠶᠢ ᠠᠯᠠᠬᠤ ᠴᠢᠳᠠᠪᠤᠷᠢ ᠲᠠᠢ᠃ ᠪᠥᠭᠡᠰᠦ ᠠᠯᠠᠬᠤ ᠳᠤ 20% ᠶᠢᠨ | ᠰᠫᠢᠷᠲ ᠲᠤ ᠳᠡᠪᠲᠦᠭᠡᠭᠡᠳ ᠲᠡᠵᠢᠭᠡᠪᠦᠷᠢ ᠶᠢᠨ ᠪᠡᠶ᠎ᠡ ᠳᠡᠭᠡᠷ᠎ᠡ ᠰᠦᠷᠴᠢᠬᠦ ᠪᠤᠶᠤ ᠱᠤᠸᠠᠵᠠᠳᠠᠨ᠎ᠠ᠃ ᠮᠣᠷᠢᠨ ᠤ ᠬᠢᠯᠭᠠᠰᠤᠨ ᠴᠠᠭᠠᠨ ᠬᠤᠷᠣᠬᠠᠢ ᠶᠢ ᠲᠠᠭᠤᠬᠤ ᠳᠤ | 50% ᠶᠢᠨ ᠣᠰᠣᠨ ᠬᠠᠨᠳᠠ ᠶᠢ 200 ᠮᠢᠯᠯᠢᠯᠢᠳ᠋ᠷ ᠪᠤᠷᠭᠤᠶᠢᠳᠠᠨ ᠡᠮᠨᠡᠵᠦ ᠪᠣᠯᠣᠨ᠎ᠠ᠃ | 6. ᠬᠤᠷᠠᠭᠠᠨ ᠪᠥᠭᠡᠷ᠎ᠡ᠃ ᠡᠭᠦᠨ ᠢᠶᠠᠷ ᠮᠣᠷᠢ᠂ ᠯᠠᠭᠤᠰᠠ᠂ ᠡᠯᠵᠢᠭᠡᠨ ᠤ ᠬᠢᠯᠭᠠᠰᠤᠨ ᠴᠠᠭᠠᠨ ᠬᠤᠷᠣᠬᠠᠢ ᠶᠢ ᠲᠠᠭᠤᠬᠤ ᠳᠤ ᠲᠤᠩ ᠰᠠᠶᠢᠨ ᠪᠠᠶᠢᠳᠠᠭ᠃ | 50% ᠶᠢᠨ ᠤᠰᠤᠨ ᠬᠠᠨᠳᠠ ᠳᠤ 200 ᠮᠢᠯᠯᠢᠯᠢᠳ᠋ᠷ ᠢᠶᠠᠷ ᠪᠤᠷᠭᠤᠶᠢᠳᠠᠨ ᠡᠮᠨᠡᠨ᠎ᠡ᠃ |