ᠬᠠᠭᠤᠴᠢ ᠡᠳ᠋ᠯᠡᠯ ᠴᠤᠭᠯᠠᠭᠤᠯᠵᠤ ᠶᠠᠪᠤᠭ᠎ᠠ ᠤᠷᠠᠨᠲᠤᠶᠠᠭ᠎ᠠ
ᠨᠡᠶᠢᠲᠡᠯᠡᠭᠰᠡᠨ ᠴᠠᠭ᠄
2023/4/12
 
75e248a0e1602c6741ca34eccdac175.png
     ᠬᠠᠨᠭ᠍ᠭᠢᠨ ᠬᠤᠰᠢᠭᠤᠨ ᠤ ᠰᠢᠨᠡᠪᠠᠯᠭᠠᠰᠤᠨ ᠳᠤ ᠪᠠᠶᠢᠷᠢᠯᠠᠭ᠎ᠠ ︽ᠶᠢᠰᠦᠨ ᠡᠷᠳᠡᠨᠢ ᠤᠯᠠᠮᠵᠢᠯᠠᠯᠲᠤ ᠪᠠᠷᠠᠭᠠᠨ ᠤ ᠬᠤᠳᠠᠯᠳᠤᠭᠠᠨ︾ ᠤ ᠳᠡᠯᠬᠡᠬᠦᠷ ᠤᠨ ᠡᠵᠡᠭᠲᠡᠢ ᠤᠷᠠᠨᠲᠤᠶᠠᠭ᠎ᠠ ᠡᠷ᠎ᠡ ᠨᠦᠬᠦᠷ ᠲᠠᠢ ᠪᠠᠨ ᠤᠳᠠᠭᠠᠨ ᠵᠢᠯ ᠬᠠᠭᠤᠴᠢ ᠡᠳ᠋ᠯᠡᠯ ᠴᠤᠭᠯᠠᠭᠤᠯᠵᠤ᠂ ᠪᠠᠯᠭᠠᠰᠤᠨ ᠲᠤᠭᠤᠷᠢᠭ  ᠳᠠᠬᠢ ᠭᠡᠷ ᠲᠡᠭᠡᠨ ᠴᠤᠭᠯᠠᠭᠤᠯᠵᠤ ᠬᠤᠷᠠᠮᠳᠤᠭᠤᠯᠤᠭᠰᠠᠨ ᠬᠠᠭᠤᠴᠢᠨ ᠡᠳ᠋ᠯᠡᠯ ᠢᠶᠠᠨ ᠲᠡᠯᠬᠡᠨ ᠦᠵᠡᠬᠦᠯᠬᠦ ᠶᠢᠨ ᠲᠠᠭᠠᠤ ᠰᠢᠨ᠎ᠡ ᠴᠠᠭ ᠤᠨ ᠮᠦᠩᠬᠦᠨ ᠡᠳ᠋ᠯᠡᠯ ᠢ ᠲᠠᠭᠠᠯᠳᠤᠭᠤᠯᠤᠨ ᠪᠤᠷᠤᠯᠠᠭᠤᠯᠵᠤ᠂ ᠲᠡᠪᠵᠢᠶᠠᠨᠲᠤ ᠬᠤᠳᠠ ᠶᠢᠨ ᠭᠦᠨ ᠳᠤ ᠲᠠᠯ᠎ᠠ ᠶᠢᠨ ᠮᠤᠩᠭᠤᠯ ᠠᠶᠢᠯ ᠤᠨ ᠲᠠᠩᠰᠤᠭ ᠪᠠᠶᠢᠳᠠᠯ ᠢ ᠬᠠᠷᠠᠭᠤᠯᠵᠤ ᠪᠠᠶᠢᠯ᠎ᠠ᠃
dc35d01f225000d143bb850da6fca85.png
         ᠬᠠᠨᠭ᠍ᠭᠢᠨ ᠬᠤᠰᠢᠭᠤᠨ ᠤ ᠶᠡᠭᠡᠨ᠋ᠤᠰᠤ ᠰᠤᠮᠤᠨ ᠤ ᠬᠤᠷᠤᠭᠠᠨᠴᠠᠶᠢᠳᠠᠮ ᠭᠠᠴᠠᠭ᠎ᠠ ᠪᠠᠷ ᠨᠤᠲᠤᠭ ᠲᠠᠢ ᠤᠷᠠᠨᠲᠤᠶᠠᠭ᠎ᠠ 2001 ᠤᠨ ᠳᠤ ᠪᠠᠶᠠᠠ᠊ᠠᠤᠰᠤ ᠭᠠᠴᠠᠭ᠎ᠠ ᠪᠠᠷ ᠨᠤᠲᠤᠭ ᠲᠠᠢ ᠤᠳᠬᠠᠨᠰᠠᠷᠡᠩ ᠲᠠᠢ ᠬᠠᠨᠢ ᠶᠢᠨ ᠵᠠᠶᠠᠭ᠎ᠠ ᠬᠤᠯᠪᠤᠵᠤ ᠠᠶᠢᠯ ᠬᠡᠷ ᠪᠤᠯᠬᠤ ᠳᠤ ᠲᠡᠭᠦᠨ ᠤ ᠨᠦᠬᠦᠷ ᠨᠢ ᠬᠠᠭᠤᠴᠢ ᠡᠳ᠋ᠯᠡᠯ ᠳᠤ ᠶᠡᠭᠡ ᠰᠤᠨᠢᠷᠬᠠᠯᠲᠠᠢ ᠮᠦᠷᠲᠡᠬᠡᠨ ᠬᠤᠷᠢᠶᠠᠵᠤ ᠬᠠᠳᠠᠭᠠᠯᠠᠬᠤ ᠲᠤᠷᠠᠲᠠᠢ ᠨᠢᠬᠡᠨ ᠪᠠᠶᠢᠯ᠎ᠠ᠃ ᠴᠡᠯ ᠵᠠᠯᠠᠭᠤ ᠨᠠᠰᠤᠨ ᠤ ᠭᠠᠯ ᠲᠦᠯᠥ ᠪᠠᠷ ᠪᠠᠳᠠᠷᠠᠵᠤ ᠶᠠᠪᠤᠭᠰᠠᠨ ᠤᠷᠠᠨᠲᠤᠶᠠᠭ᠎ᠠ ᠲᠤᠬᠠᠢ ᠶᠢᠨ ᠦᠶ᠎ᠡ ᠳᠡᠭᠡᠨ ᠡᠬᠦᠨ ᠳᠤ ᠶᠡᠭᠡ ᠠᠩᠬᠠᠷᠤᠯ ᠢᠶᠠᠨ ᠲᠠᠯᠪᠢᠭ᠎ᠠ ᠦᠭᠡᠢ ᠮᠦᠷᠲᠡᠬᠡᠨ ᠲᠦᠡᠭᠬᠡᠵᠤ ᠠᠶᠢᠯ ᠬᠡᠷ ᠪᠤᠯᠵᠤ ᠪᠠᠶᠢᠭ᠎ᠠ ᠬᠦᠮᠦᠨ ᠴᠢᠨᠢ ᠠᠵᠢᠯ ᠦᠢᠯᠡᠰ ᠪᠦᠲᠦᠬᠡᠵᠤ ᠠᠵᠤ ᠠᠬᠤᠢ ᠶᠢᠨ ᠦᠷ᠎ᠡ ᠠᠰᠢᠭ ᠢ ᠢᠯᠡᠬᠦᠦ ᠬᠦᠭᠡᠭᠡᠴᠡᠯᠳᠦᠪᠡᠯ ᠵᠤᠬᠢᠨ᠎ᠠ ᠬᠡᠮᠡᠨ ᠪᠤᠳᠤᠳᠠᠭ ᠪᠠᠶᠢᠭᠰᠠᠨ ᠠᠵᠢ᠃
      ᠬᠠᠨᠢ ᠶᠢᠨ ᠵᠠᠶᠠᠭ᠎ᠠ ᠬᠡᠳᠡᠭ ᠬᠠᠮᠲᠤᠷᠠᠵᠤ ᠪᠠᠶᠢᠵᠤ ᠠᠭᠠᠵᠢᠮ ᠠᠭᠠᠵᠢᠮ ᠳᠠᠭᠠᠨ ᠪᠠᠯ ᠮᠡᠲᠤ ᠠᠮᠲᠠᠲᠠᠢ ᠪᠤᠯᠵᠤ᠂ ᠡᠴᠦᠰ ᠰᠡᠬᠦᠯ ᠳᠡᠭᠡᠨ ᠦᠬᠡ ᠪᠠᠷ ᠢᠯᠡᠳᠬᠡᠵᠤ ᠦᠯᠥ ᠴᠢᠳᠠᠬᠤ ᠲᠡᠶᠢᠮᠤ ᠰᠠᠶᠢᠬᠠᠨ ᠵᠦᠢᠯ ᠪᠤᠯᠵᠤ ᠬᠤᠪᠢᠷᠠᠳᠠᠭ ᠨᠢ ᠦᠨᠡᠨ᠃ ᠤᠷᠠᠨᠲᠤᠶᠠᠭ᠎ᠠ ᠠᠩᠬᠠᠨ ᠳᠠᠭᠠᠨ ᠨᠦᠬᠦᠷ ᠤᠨ ᠢᠶᠠᠨ ᠬᠠᠭᠤᠴᠢ ᠡᠳ᠋ᠯᠡᠯ ᠴᠤᠭᠯᠠᠭᠤᠯᠬᠤ ᠶᠢ ᠳᠡᠮᠵᠢᠳᠡᠭ ᠦᠭᠡᠢ ᠪᠠᠶᠢᠭᠰᠠᠨ ᠴᠤ ᠠᠭᠠᠵᠢᠮ ᠳᠠᠭᠠᠨ ᠲᠡᠭᠦᠨ ᠤ ᠨᠦᠯᠥᠬᠡᠯᠡᠯ ᠳᠤ ᠦᠪᠡᠷ ᠤᠨ ᠡᠷᠭᠡ ᠦᠭᠡᠢ ᠳᠠᠲᠠᠭᠳᠠᠨ ᠬᠤᠶᠠᠭᠤᠯᠠ ᠪᠠᠨ ᠬᠠᠮᠲᠤ ᠪᠠᠷ ᠬᠠᠭᠤᠴᠢ ᠡᠳ᠋ᠯᠡᠯ ᠤᠨ ᠠᠶᠠᠨ ᠳᠤ ᠭᠠᠷᠳᠠᠭ ᠪᠤᠯᠤᠯ᠎ᠠ᠃ ᠢᠡᠭᠭᠢᠭᠡᠳ 2006 ᠤᠨ ᠳᠤ ᠲᠡᠳᠡ ᠬᠤᠶᠠᠭᠤᠯᠠ ᠪᠠᠨ ᠰᠢᠨᠡᠪᠠᠯᠭᠠᠰᠤᠨ ᠲᠡᠭᠡᠷ᠎ᠡ ᠬᠠᠭᠤᠴᠢ ᠡᠳ᠋ᠯᠡᠯ ᠬᠤᠷᠢᠶᠠᠨ ᠴᠤᠭᠯᠠᠭᠤᠯᠵᠤ ᠪᠤᠷᠤᠯᠠᠭᠤᠯᠬᠤ ᠳᠡᠯᠬᠡᠬᠦᠷ ᠨᠡᠬᠡᠭᠡᠬᠡᠳ ᠨᠢᠬᠡ ᠮᠡᠳᠡᠬᠦ ᠳᠤ 17 ᠵᠢᠯ ᠤᠨ ᠨᠢᠭᠤᠷ ᠢ ᠦᠵᠡᠵᠤ ᠤᠳᠤ ᠪᠤᠯᠬᠤ ᠳᠤ ᠨᠡᠶᠢᠳᠡ‌ᠬᠤᠶᠠᠷ ᠵᠠᠭᠤ ᠭᠠᠷᠤᠢ ᠬᠠᠭᠤᠴᠢᠨ ᠡᠳ᠋ᠯᠡᠯ ᠴᠤᠭᠯᠠᠭᠤᠯᠤᠭᠰᠠᠨ ᠪᠠᠶᠢᠯ᠎ᠠ᠃ ᠡᠳᠦᠢ ᠵᠢᠯ ᠤᠨ ᠬᠤᠭᠤᠷᠤᠨᠲᠤ ᠤᠷᠠᠨᠲᠤᠶᠠᠭ᠎ᠠ ᠦᠰᠦ ᠵᠠᠰᠠᠬᠤ᠂ ᠵᠢᠰᠦ ᠭᠤᠶᠤᠯᠠᠬᠤ ᠵᠡᠷᠭᠡ ᠶᠢᠨ ᠠᠵᠢᠯ ᠢ ᠬᠢᠵᠤ ᠶᠠᠪᠤᠭᠰᠠᠨ ᠴᠤ ᠬᠠᠭᠤᠴᠢ ᠡᠳ᠋ᠯᠡᠯ ᠬᠤᠷᠢᠶᠠᠨ ᠴᠤᠭᠯᠠᠭᠤᠯᠬᠤ ᠪᠠᠨ ᠶᠡᠷᠤ ᠵᠤᠭᠰᠤᠭ᠎ᠠ ᠦᠭᠡᠢ᠃ ᠨᠡᠩ ᠴᠤ ᠰᠡᠬᠦᠯ ᠤᠨ ᠵᠢᠯ ᠤᠳ ᠲᠤ ᠪᠤᠯᠵᠤ ᠢᠷᠡᠭᠡᠳ ᠲᠡᠷᠡ ᠦᠰᠦ ᠵᠠᠰᠠᠵᠤ᠂ ᠵᠢᠰᠦ ᠭᠤᠶᠤᠯᠠᠬᠤ ᠠᠵᠢᠯ ᠢᠶᠠᠨ ᠴᠤ ᠤᠷᠬᠢᠭᠠᠳ ᠪᠦᠬᠦ ᠰᠡᠳᠬᠢᠯ ᠪᠦᠬᠦ ᠵᠤᠷᠢᠭ ᠢᠶᠠᠷ ᠢᠶᠠᠨ ᠡᠨᠡᠬᠦ ᠳᠡᠯᠬᠡᠬᠦᠷ ᠲᠡᠭᠡᠨ ᠦᠢᠯᠡᠴᠢᠯᠡᠵᠤ ᠡᠬᠢᠯᠡᠵᠡᠢ᠃
ded6589a2939a9293d354467e30ce6b.png
       ᠤᠬᠤᠷᠬᠠᠨ ᠬᠤᠷᠢᠨ ᠵᠢᠯ ᠤᠨ ᠬᠤᠭᠤᠴᠠᠭᠠᠨ ᠳᠤ ᠬᠠᠭᠤᠴᠢ ᠡᠳ᠋ᠯᠡᠯ ᠴᠤᠭᠯᠠᠭᠤᠯᠬᠤ ᠶᠢ ᠳᠡᠮᠵᠢᠳᠡᠭ ᠦᠭᠡᠢ ᠪᠠᠶᠢᠬᠰᠠᠨ ᠠᠴᠠ ᠪᠠᠨ ᠳᠡᠮᠵᠢᠳᠡᠭ ᠪᠤᠯᠵᠤ᠂ ᠨᠡᠩ ᠰᠡᠬᠦᠯ ᠳᠡᠭᠡᠨ ᠬᠠᠶᠢᠷᠠᠲᠠᠢ ᠪᠤᠯᠤᠭᠠᠳ ᠬᠤᠷᠢᠶᠠᠵᠤ ᠬᠠᠳᠠᠭᠠᠯᠠᠭᠰᠠᠨ ᠬᠠᠭᠤᠴᠢ ᠡᠳ᠋ᠯᠡᠯ ᠪᠦᠬᠦᠨ ᠳᠤᠨᠢ ᠪᠤᠭᠤᠷᠤᠯ ᠤᠨ ᠪᠤᠶᠠᠨ ᠬᠠᠳᠠᠩᠰᠢᠨ ᠰᠢᠩᠬᠡᠵᠤ᠂ ᠬᠡᠵᠢᠶ᠎ᠡ ᠡᠬᠦᠷᠢᠳᠡ ᠲᠡᠬᠦᠨ ᠢ ᠡᠪᠦᠷ ᠲᠡᠭᠡᠨ ᠪᠦᠬᠡᠴᠡᠶᠢᠯᠡᠵᠤ᠂ ᠦᠭᠡᠷ᠎ᠡ ᠪᠤᠰᠤᠳ ᠭᠠᠢ ᠪᠠᠷᠴᠢᠳ ᠠᠴᠠ ᠵᠠᠶᠢᠯᠠᠭᠤᠯᠵᠤ ᠴᠢᠳᠠᠬᠤ ᠦᠯᠡᠮᠵᠢ ᠶᠢᠨ ᠶᠡᠭᠡ ᠳᠠᠯᠳᠠ ᠬᠦᠴᠦᠨ ᠨᠢᠭᠤᠭᠳᠠᠵᠤ ᠪᠠᠶᠢᠭ᠎ᠠ ᠮᠡᠲᠤ ᠲᠡᠭᠦᠨ ᠳᠤ ᠰᠠᠨᠠᠭᠳᠠᠬᠤ ᠪᠤᠯᠤᠭᠰᠠᠨ ᠪᠠᠶᠢᠯ᠎ᠠ᠃
0235fafa49ac2239fa87bb677a71983.jpg
       ︽ᠡᠳ᠋ ᠲᠠᠨᠢᠬᠤ ᠦᠭᠡᠢ ᠬᠦᠮᠦᠨ ᠡᠳ᠋ ᠤᠨ ᠨᠡᠷ᠎ᠡ ᠭᠤᠲᠤᠭᠠᠨ᠎ᠠ︾ ᠬᠡᠵᠤ ᠡᠴᠢᠬᠡ ᠡᠪᠦᠭᠡᠳ ᠰᠤᠷᠭᠠᠭᠰᠠᠨ ᠪᠤᠢ᠃ ᠡᠷᠳᠡᠨᠢ ᠪᠤᠯᠤᠭᠰᠠᠨ ᠡᠷᠬᠢᠮ ᠵᠦᠢᠯ ᠢᠶᠠᠨ ᠡᠨᠡ ᠴᠠᠭ ᠲᠤ ᠳᠡᠯᠬᠡᠷᠡᠬᠦᠯᠥᠨ ᠤᠯᠠᠮᠵᠢᠯᠠᠵᠤ ᠢᠷᠡᠬᠡᠳᠦᠢ ᠬᠤᠶᠢᠴᠢ ᠦᠶ᠎ᠡ ᠳᠡᠭᠡᠨ ᠬᠦᠷᠭᠡᠬᠦ ᠪᠤᠯ ᠡᠳᠦᠬᠡ ᠶᠢᠨ ᠪᠢᠳᠠᠨ ᠤ ᠬᠢᠬᠦ ᠶᠤᠰᠤᠲᠠᠢ ᠵᠦᠢᠯ᠃ ᠤᠳᠤ ᠤᠷᠠᠨᠲᠤᠶᠠᠭ᠎ᠠ ᠬᠤᠶᠠᠭᠤᠯᠠ ᠪᠠᠷ ᠢᠶᠠᠨ ᠦᠨᠳᠦᠰᠦᠳᠡᠨ ᠤ ᠤᠯᠠᠮᠵᠢᠯᠠᠯᠳᠤ ᠰᠤᠶᠤᠯ ᠢᠶᠠᠨ ᠲᠡᠭᠡᠳᠦᠯᠡᠨ᠂  ᠮᠤᠩᠭᠤᠯᠴᠣᠳ ᠤᠨ ᠦᠷ᠎ᠡ ᠬᠡᠤᠬᠡᠳ ᠢᠶᠠᠨ ᠰᠤᠷᠭᠠᠨ ᠬᠦᠮᠦᠵᠢᠬᠦᠯᠬᠦ ᠳᠤ ᠬᠠᠭᠤᠴᠢ ᠦᠯᠢᠬᠡᠷ ᠲᠤᠮᠤᠭ᠂ ᠵᠦᠢᠷ ᠰᠡᠴᠡᠨ ᠦᠬᠡ᠂ ᠰᠤᠷᠭᠠᠯ ᠦᠬᠡ ᠪᠠᠷ ᠰᠤᠷᠭᠠᠳᠠᠭ ᠲᠠᠢ ᠠᠳᠠᠯᠢ᠂ ᠪᠤᠭᠤᠷᠤᠯ ᠤᠨ ᠪᠤᠶᠠᠨ ᠰᠢᠩᠭᠡᠭᠰᠡᠨ ᠬᠠᠭᠤᠴᠢ ᠡᠳ᠋ᠯᠡᠯ ᠢᠶᠠᠨ ᠬᠤᠶᠢᠴᠢ ᠦᠶ᠎ᠡ ᠶᠢᠨ ᠬᠢᠨ ᠳᠡᠭᠡᠨ ᠤᠯᠠᠮᠵᠢᠯᠠᠨ ᠵᠠᠯᠭᠠᠮᠵᠢᠯᠠᠵᠤ᠂ ᠶᠠᠭᠤ ᠨᠢᠬᠡ ᠶᠢ ᠰᠡᠩᠬᠡᠷᠡᠬᠦᠯᠦᠨ ᠰᠤᠷᠭᠠᠬᠤ ᠶᠢ ᠵᠤᠷᠢᠵᠤ ᠶᠠᠪᠤᠨ᠎ᠠ᠃
 
ᠢᠷᠡᠯᠲᠡ᠄ ᠬᠠᠩᠭᠢᠨ ᠬᠤᠰᠢᠭᠤᠨ ᠤ ᠬᠠᠮ ᠵᠠᠭᠤᠴᠢᠯᠠᠭᠤᠷ ᠤᠨ ᠲᠥᠪ ︵ᠴᠢᠮᠡᠳᠮ᠎ᠠ︶