ᠬᠦᠮᠦᠨ ᠤ ᠪᠡᠶ᠎ᠡ ᠶᠢᠨ ᠲᠠᠷᠢᠬᠢ ᠨᠢ ᠲᠠᠨᠢᠨ ᠮᠡᠳᠡᠷᠡᠬᠦᠢ᠂ ᠢᠯᠭᠠᠨ ᠲᠠᠨᠢᠬᠤᠢ᠂ ᠦᠬᠡ ᠬᠡᠯᠡᠨ ᠤ ᠴᠢᠳᠠᠪᠬᠢ᠂ ᠤᠶᠢᠯᠠᠭᠠᠨ ᠮᠡᠳᠡᠷᠡᠬᠦᠢ᠂ ᠦᠢᠯᠡ | ᠬᠦᠳᠡᠯᠬᠡᠬᠡᠨ ᠢ ᠵᠢᠯᠤᠭᠤᠳᠬᠤ ᠵᠡᠷᠬᠡ ᠮᠠᠰᠢ ᠴᠢᠬᠤᠯᠠ ᠡᠬᠦᠷᠬᠡ ᠶᠢ ᠬᠦᠢᠴᠡᠳᠬᠡᠵᠦ ᠪᠠᠶᠢᠳᠠᠭ ᠡᠷᠬᠡᠳᠡᠨ ᠪᠤᠯᠬᠤ ᠶᠤᠮ᠃ ᠲᠠᠷᠢᠬᠢᠨ ᠤ ᠡᠷᠡᠬᠦᠯ ᠡ᠊ᠡᠭᠭᠡ ᠨᠢ ᠠᠮᠢ | ᠨᠠᠰᠤᠨ ᠤ ᠠᠵᠢᠯᠯᠠᠭ᠎ᠠ ᠶᠢ ᠪᠠᠳᠤᠯᠠᠳᠠᠭ᠃ | ᠲᠠᠷᠢᠬᠢᠨ ᠤ ᠯᠤᠭᠰᠢᠭᠤᠨ ᠰᠤᠳᠠᠯ ᠤᠨ ᠲᠦᠭᠵᠢᠷᠡᠯ ᠨᠢ ᠴᠢᠰᠤᠨ ᠤ ᠲᠠᠷᠤᠯᠳᠠ ᠲᠠᠢ ᠰᠢᠭᠤᠳ ᠬᠤᠯᠪᠤᠭ᠎ᠠ ᠲᠠᠢ ᠪᠠᠶᠢᠳᠠᠭ᠃ ᠲᠠᠷᠢᠬᠢᠨ ᠤ ᠯᠤᠭᠰᠢᠭᠤᠨ | ᠰᠤᠳᠠᠯ ᠤᠨ ᠲᠦᠭᠵᠢᠷᠡᠯ ᠲᠠᠢ ᠪᠤᠯᠤᠭᠰᠠᠨ ᠠᠴᠠ ᠰᠠ ᠡᠪᠡᠳᠴᠢᠨ ᠵᠡᠷᠬᠡ ᠶᠢ ᠡᠬᠦᠰᠬᠡᠨ ᠡᠳᠡᠬᠡᠷᠡᠯᠳᠡ ᠶᠢᠨ ᠨᠤᠷᠮ᠎ᠠ ᠮᠠᠰᠢ ᠲᠤᠤᠷ᠎ᠠ ᠪᠠᠶᠢᠳᠠᠭ᠃ 3/4 ᠶᠢᠨ | ᠡᠪᠡᠳᠴᠢᠳᠡᠨ ᠠᠳᠠᠯᠢ ᠪᠤᠰᠤ ᠬᠡᠮᠵᠢᠶᠡᠨ ᠤ ᠠᠵᠢᠯ ᠬᠦᠳᠡᠯᠮᠦᠷᠢ᠂ ᠠᠮᠢᠳᠤᠷᠠᠯ ᠤᠨ ᠴᠢᠳᠠᠪᠬᠢ ᠪᠠᠨ ᠠᠯᠳᠠᠳᠠᠭ᠃ ᠲᠠᠷᠢᠬᠢᠨ ᠤ ᠬᠡᠰᠡᠭ ᠲᠤ ᠯᠤᠭᠰᠢᠭᠤᠨ ᠰᠤᠳᠠᠯ ᠤᠨ | ᠲᠦᠭᠵᠢᠷᠡᠯ ᠡᠬᠦᠰᠬᠦ ᠨᠢ ᠭᠤᠤᠯᠳᠠᠭᠤ ᠴᠢᠰᠤᠨ ᠰᠤᠳᠠᠯ ᠤᠨ ᠬᠠᠨ᠎ᠠ ᠳᠤ ᠦᠬᠡᠬᠦᠯᠢᠭ ᠡᠳ᠋ ᠪᠤᠢ ᠪᠤᠯᠤᠨ ᠲᠦᠭᠵᠢᠷᠡᠯ ᠡᠬᠦᠰᠬᠡᠳᠡᠭ ᠠᠴᠠ ᠬᠦᠮᠦᠨ ᠤ ᠪᠡᠶ᠎ᠡ ᠳᠤ | ᠬᠡᠷᠡᠭᠰᠡᠬᠦ ᠬᠦᠴᠢᠯᠳᠦ᠋ᠷᠦᠭᠴᠢ ᠪᠤᠯᠤᠨ ᠰᠢᠮ᠎ᠠ ᠲᠡᠵᠢᠬᠡᠯ ᠲᠤᠳᠠᠭᠳᠠᠨ ᠴᠢᠰᠤᠨ ᠤ ᠡᠷᠬᠢᠯᠳᠡ ᠮᠠᠭᠤᠳᠠᠵᠤ ᠡᠪᠡᠳᠴᠢᠨ ᠡᠬᠦᠰᠬᠡᠳᠡᠭ᠃ ᠤᠴᠢᠷ ᠨᠢ ᠴᠢᠰᠤ ᠪᠤᠯ ᠰᠢᠮ᠎ᠠ | ᠲᠡᠵᠢᠬᠡᠯ ᠪᠤᠯᠤᠨ ᠬᠦᠴᠢᠯᠳᠦ᠋ᠷᠦᠭᠴᠢ ᠶᠢ ᠵᠦᠬᠡᠬᠡᠪᠦᠷᠢᠯᠡᠵᠦ ᠡᠯ᠎ᠡ ᠡᠷᠬᠡᠳᠡᠨ ᠳᠤ ᠬᠦᠷᠬᠡᠳᠡᠭ᠃ ᠲᠠᠷᠢᠬᠢᠨ ᠤ ᠬᠡᠰᠡᠭ ᠴᠢᠰᠤᠨ ᠤ ᠬᠠᠨᠭ᠍ᠭᠠᠯᠳᠠ ᠮᠠᠭᠤᠳᠠᠵᠤ | ᠬᠦᠴᠢᠯᠳᠦ᠋ᠷᠦᠭᠴᠢ ᠲᠤᠳᠠᠭᠳᠠᠨ ᠲᠠᠷᠢᠬᠢᠨ ᠤ ᠠᠵᠢᠯᠯᠠᠭ᠎ᠠ ᠰᠠᠮᠠᠭᠤᠷᠠᠯ ᠳᠤ ᠤᠴᠠᠷᠠᠨ ᠲᠠᠷᠢᠬᠢᠨ ᠤ ᠡᠪᠡᠳᠴᠢᠨ ᠢ ᠡᠬᠦᠰᠬᠡᠵᠦ ᠡᠪᠡᠳᠴᠢᠨ ᠤ ᠢᠯᠡᠷᠡᠯ ᠰᠢᠨᠵᠢ ᠶᠢ | ᠡᠬᠦᠰᠬᠡᠳᠡᠭ᠃ | ᠲᠠᠷᠢᠬᠢᠨ ᠤ ᠯᠤᠭᠰᠢᠭᠤᠨ ᠰᠤᠳᠠᠯ ᠤᠨ ᠲᠦᠭᠵᠢᠷᠡᠯ ᠡᠬᠦᠰᠬᠦ ᠳᠤ ᠭᠠᠷᠬᠤ ᠢᠯᠡᠷᠡᠯ᠄ | 1. ᠲᠤᠯᠤᠭᠠᠢ ᠡᠷᠬᠢᠬᠦ | 2. ᠲᠤᠯᠤᠭᠠᠢ ᠡᠪᠡᠳᠬᠦ | 3. ᠪᠦᠬᠡᠯᠵᠢᠰᠦ ᠬᠦᠷᠬᠦ | 4. ᠲᠤᠷ᠎ᠠ ᠪᠤᠯᠬᠢᠬᠤ | ᠪᠦᠬᠡᠯᠵᠢᠬᠦ᠂ ᠲᠤᠷ᠎ᠠ ᠪᠤᠯᠬᠢᠬᠤ ᠵᠡᠷᠬᠡ ᠢᠯᠡᠷᠡᠯ ᠭᠠᠷᠴᠤ ᠪᠠᠶᠢᠭ᠎ᠠ ᠨᠢ ᠲᠠᠷᠢᠬᠢᠨ ᠤ ᠬᠡᠰᠡᠭ ᠤᠨ ᠴᠢᠰᠤᠨ ᠤ ᠬᠠᠨᠭ᠍ᠭᠠᠯᠳᠠ ᠲᠤᠳᠠᠭᠳᠠᠭᠠᠳ ᠨᠡᠯᠢᠶᠡᠳ ᠬᠡᠮᠵᠢᠶ᠎ᠡ | ᠬᠦᠷᠦᠭᠰᠡᠨ ᠪᠤᠶᠤ ᠲᠠᠷᠢᠬᠢᠨ ᠤ ᠡᠰ ᠦᠬᠦᠵᠢᠵᠦ ᠪᠠᠶᠢᠭ᠎ᠠ ᠦᠶᠡᠰ ᠲᠤ ᠭᠠᠷᠬᠤ ᠪᠠᠶ᠎ᠠ ᠳᠤ ᠢᠯᠡᠷᠡᠬᠦ ᠡᠪᠡᠳᠴᠢᠨ ᠬᠦᠨᠳᠦᠬᠦᠷᠢ ᠲᠠᠢ ᠪᠤᠯᠤᠭᠰᠠᠨ ᠤ ᠲᠤᠬᠢᠶ᠎ᠠ ᠮᠦᠨ᠃ | ᠲᠠᠷᠢᠬᠢᠨ ᠤ ᠬᠡᠰᠡᠭ ᠲᠤ ᠯᠤᠭᠰᠢᠭᠤᠨ ᠰᠤᠳᠠᠯ ᠤᠨ ᠲᠦᠭᠵᠢᠷᠡᠯ ᠡᠬᠦᠰᠦᠭᠰᠡᠨ ᠦᠶᠡᠰ ᠲᠤ ᠠᠩᠬᠠᠷᠬᠤ ᠵᠦᠢᠯ᠄ | 1. ᠬᠦᠳᠡᠯᠬᠡᠵᠦ ᠪᠤᠯᠬᠤ ᠦᠬᠡᠢ | 2. ᠰᠡᠳᠬᠢᠯ ᠰᠠᠨᠠᠭ᠎ᠠ ᠶᠢ ᠨᠢ ᠲᠠᠶᠢᠪᠤᠡᠭ ᠪᠠᠶᠢᠯᠭᠠᠬᠤ | 3. ᠠᠭᠠᠷ ᠰᠠᠯᠬᠢ ᠬᠦᠢᠴᠡᠳ ᠨᠡᠪᠳᠡᠷᠡᠬᠦᠯᠬᠦ | 4. ᠡᠮᠴᠢᠯᠡᠬᠡᠨ ᠤ ᠰᠢᠵᠢᠷ ᠠᠯᠳᠠᠨ ᠴᠠᠭ ᠨᠢ 3 — 6 ᠴᠠᠭ ᠪᠠᠶᠢᠳᠠᠭ ᠤᠴᠢᠷ ᠠᠴᠠ 120 ᠪᠠᠴᠢᠮ ᠠᠪᠤᠷᠠᠯᠳᠠ ᠶᠢᠨ ᠲᠡᠷᠬᠡ ᠲᠠᠭᠤᠳᠠᠵᠤ ᠡᠮᠨᠡᠯᠬᠡ ᠳᠤ | ᠬᠦᠷᠬᠦ ᠵᠢᠷᠦᠬᠡᠨ ᠤ ᠯᠤᠭᠰᠢᠭᠤᠨ ᠰᠤᠳᠠᠯ ᠤᠨ ᠲᠦᠭᠵᠢᠷᠡᠯ ᠡᠪᠡᠳᠴᠢᠨ ᠵᠢᠷᠦᠬᠡ ᠪᠤᠯ ᠬᠦᠮᠦᠨ ᠤ ᠪᠡᠶ᠎ᠡ ᠶᠢᠨ ᠲᠠᠪᠤᠨ ᠴᠤᠯᠤ ᠵᠢᠷᠭᠤᠭᠠᠨ ᠰᠠᠪᠠ ᠶᠢᠨ ᠨᠢᠬᠡ ᠪᠤᠯᠬᠤ | ᠶᠤᠮ᠃ ᠵᠢᠷᠦᠬᠡ ᠨᠢ ᠴᠢᠰᠤᠨ ᠤ ᠠᠵᠢᠯᠯᠠᠭ᠎ᠠ ᠶᠢ ᠵᠠᠬᠢᠷᠴᠤ ᠠᠮᠢ ᠨᠠᠰᠤᠨ ᠤ ᠠᠵᠢᠯᠯᠠᠭ᠎ᠠ ᠶᠢ ᠵᠤᠬᠢᠴᠠᠭᠤᠯᠤᠭᠴᠢ ᠴᠢᠰᠤᠨ ᠤ ᠡᠷᠬᠢᠯᠳᠡ ᠶᠢ ᠵᠢᠯᠤᠭᠤᠳᠤᠭᠴᠢ ᠪᠤᠯᠬᠤ | ᠶᠤᠮ᠃ ᠮᠠᠨ ᠤ ᠤᠯᠤᠰ ᠲᠤ 3.3 ᠳ᠋ᠥᠡᠭᠰᠢᠭᠤᠷ ᠢᠯᠡᠬᠦᠦ ᠵᠢᠷᠦᠬᠡ ᠴᠢᠰᠤᠨ ᠰᠤᠳᠠᠯ ᠤᠨ ᠡᠪᠡᠳᠴᠢᠳᠠᠨ ᠪᠠᠶᠢᠳᠠᠭ᠃ ᠡᠬᠦᠨ ᠳᠤ 1100 ᠲᠦᠮᠡ ᠨᠢ ᠵᠢᠷᠦᠬᠡᠨ ᠤ | ᠬᠠᠳᠬᠤᠯᠭ᠎ᠠ ᠲᠠᠢ ᠡᠪᠡᠳᠴᠢᠳᠡᠨ ᠪᠤᠯᠬᠤ ᠶᠤᠮ᠃ ᠵᠢᠷᠦᠬᠡᠨ ᠤ ᠯᠤᠭᠰᠢᠭᠤᠨ ᠰᠤᠳᠠᠯ ᠲᠦᠭᠵᠢᠷᠡᠬᠦ ᠨᠢ ᠠᠶᠤᠯᠳᠤ ᠴᠢᠨᠠᠷ ᠢᠶᠠᠷ ᠶᠡᠭᠡ ᠡᠪᠡᠳᠴᠢᠨ ᠪᠤᠯᠬᠤ ᠶᠤᠮ᠃ | ᠵᠢᠷᠦᠬᠡᠨ ᠤ ᠯᠤᠭᠰᠢᠭᠤᠨ ᠰᠤᠳᠠᠯ ᠲᠦᠭᠵᠢᠷᠡᠯ ᠡᠬᠦᠰᠬᠦ ᠳᠤ ᠭᠠᠷᠬᠤ ᠢᠯᠡᠷᠡᠯ᠄ | 1. ᠵᠢᠷᠦᠬᠡᠨ ᠤᠷᠤᠨ ᠳᠤ ᠪᠠᠵᠠᠯᠠᠨ ᠡᠪᠡᠳᠬᠦ | 2. ᠠᠮᠢᠰᠬᠤᠯ ᠴᠢᠬᠤᠯᠳᠠᠬᠤ | 3. ᠴᠡᠬᠡᠵᠢ ᠴᠢᠬᠤᠯᠳᠠᠬᠤ | 4. ᠲᠠᠯᠤ ᠮᠦᠷᠦ ᠪᠠᠷ ᠬᠠᠳᠬᠤᠯᠠᠵᠤ ᠡᠪᠡᠳᠬᠦ | 5. ᠰᠢᠳᠦ ᠡᠪᠡᠳᠬᠦ | ᠵᠢᠷᠦᠬᠡᠨ ᠤ ᠯᠤᠭᠰᠢᠭᠤᠨ ᠰᠤᠳᠠᠯ ᠲᠦᠭᠵᠢᠷᠡᠯ ᠡᠬᠦᠰᠬᠦ ᠳᠤ ᠭᠠᠷᠤᠭᠰᠠᠨ ᠢᠯᠡᠷᠡᠯ ᠠᠴᠠ ᠠᠩᠬᠠᠷᠬᠤ ᠵᠦᠢᠯ᠄ | 1. ᠵᠢᠷᠦᠬᠡᠨ ᠤ ᠯᠤᠭᠰᠢᠭᠤᠨ ᠰᠤᠳᠠᠯ ᠲᠦᠭᠵᠢᠷᠡᠯ ᠡᠬᠦᠰᠦᠨ ᠵᠢᠷᠦᠬᠡᠨ ᠪᠤᠯᠴᠢᠩ ᠦᠬᠦᠵᠢᠬᠦ ᠦᠶᠡᠰ ᠲᠤ ᠬᠤᠳᠤᠭᠤᠳᠤ ᠶᠢᠨ ᠬᠡᠰᠡᠭ ᠢᠶᠠᠷ ᠡᠪᠡᠳᠬᠦ ᠪᠠᠶᠢᠳᠠᠯ | ᠢᠯᠡᠷᠡᠬᠦ ᠪᠤᠯᠬᠤᠷ ᠬᠤᠳᠤᠭᠤᠳᠤ ᠡᠪᠡᠳᠴᠦ ᠪᠠᠶᠢᠨ᠎ᠠ ᠬᠡᠮᠡᠨ ᠡᠪᠡᠳᠴᠢᠨ ᠢ ᠡᠮᠴᠢᠯᠡᠨ ᠵᠠᠰᠠᠬᠤ ᠰᠢᠵᠢᠷ ᠠᠯᠳᠠᠨ ᠴᠠᠭ ᠢ ᠠᠯᠳᠠᠬᠤ ᠠᠴᠠ ᠬᠢᠴᠢᠶᠡᠬᠡᠷᠡᠢ︕ | ᠡᠮᠨᠡᠯᠬᠡ ᠳᠤ ᠬᠦᠷᠴᠦ ᠨᠠᠷᠢᠯᠢᠭ ᠪᠠᠶᠢᠴᠠᠭᠠᠯᠭᠠᠬᠤ ᠨᠢ ᠮᠠᠰᠢ ᠴᠢᠬᠤᠯᠠ ᠪᠠᠶᠢᠳᠠᠭ᠃ | 2. ᠡ᠊ᠡᠭ ᠤᠨ ᠰᠢᠳᠤ ᠡᠪᠡᠳᠴᠦ ᠪᠠᠶᠢᠭ᠎ᠠ ᠰᠢᠳᠤᠨ ᠡᠪᠡᠳᠴᠢᠨ ᠪᠤᠯᠤᠨ ᠵᠢᠷᠦᠬᠡᠨ ᠰᠤᠳᠠᠯ ᠤᠨ ᠲᠦᠭᠵᠢᠷᠡᠯ ᠠᠴᠠ ᠪᠤᠯᠤᠭᠰᠠᠨ ᠰᠢᠳᠤ ᠡᠪᠡᠳᠬᠦ ᠢᠯᠡᠷᠡᠯ ᠢ | ᠢᠯᠭᠠᠨ ᠲᠤᠲᠤᠯᠠᠵᠤ ᠴᠢᠳᠠᠬᠤ ᠦᠬᠡᠢ ᠦᠶᠡᠰ ᠲᠤ ᠡᠮᠨᠡᠯᠬᠡ ᠳᠤ ᠬᠦᠷᠴᠦ ᠲᠤᠰᠬᠠᠢ ᠮᠡᠷᠬᠡᠵᠢᠯᠳᠡᠨ ᠢᠶᠠᠷ ᠵᠦᠪ ᠤᠨᠤᠰᠢᠯᠠᠭᠤᠯᠬᠤ ᠬᠡᠷᠡᠭᠳᠡᠢ ᠪᠠᠶᠢᠳᠠᠭ᠃ | ᠵᠢᠷᠦᠬᠡᠨ ᠰᠤᠳᠠᠯ ᠤᠨ ᠲᠦᠭᠵᠢᠷᠡᠯ ᠠᠴᠠ ᠪᠤᠯᠤᠭᠰᠠᠨ ᠡᠪᠡᠳᠴᠢᠨ ᠤ ᠵᠢᠷᠦᠬᠡᠨ ᠤᠷᠤᠨ ᠳᠤ ᠡᠪᠡᠳᠬᠦ ᠪᠠᠶᠢᠳᠠᠯ᠄ | 1. ᠵᠡᠬᠦᠦ ᠪᠠᠷ ᠬᠠᠳᠬᠤᠵᠤ ᠪᠠᠶᠢᠬᠤ ᠰᠢᠭ ᠪᠠᠵᠠᠯᠠᠵᠤ ᠡᠪᠡᠳᠬᠦ | 2. ᠡᠪᠡᠳᠦᠬᠡᠳ ᠢᠷᠡᠬᠦ ᠳᠤ ᠬᠦᠯᠦᠰᠦ ᠴᠢᠬᠢᠭᠯᠡᠨ ᠲᠡᠰᠪᠦᠷᠢᠯᠡᠵᠦ ᠲᠡᠶᠢᠯᠬᠦ ᠦᠬᠡᠢ ᠪᠤᠯᠳᠠᠯ᠎ᠠ ᠡᠪᠡᠳᠬᠦ ᠵᠢᠷᠦᠬᠡᠨ ᠰᠤᠳᠠᠯ ᠤᠨ ᠲᠦᠭᠵᠢᠷᠡᠯ ᠤᠨ ᠡᠬᠦᠰᠬᠡᠵᠦ | ᠮᠡᠳᠡᠬᠦ ᠡᠪᠡᠳᠴᠢᠨ᠄ ᠵᠢᠷᠦᠬᠡᠨ ᠬᠠᠳᠬᠤᠯᠭ᠎ᠠ ᠡᠪᠡᠳᠴᠢᠨ᠂ ᠵᠢᠷᠦᠬᠡᠨ ᠪᠤᠯᠴᠢᠩ ᠤᠨ ᠦᠬᠦᠵᠢᠯ ᠡᠪᠡᠳᠴᠢᠨ ᠵᠡᠷᠬᠡ᠃ | ᠵᠢᠷᠦᠬᠡᠨ ᠰᠤᠳᠠᠯ ᠤᠨ ᠲᠦᠭᠵᠢᠷᠡᠯ ᠡᠪᠡᠳᠴᠢᠨ ᠢ ᠡᠬᠦᠰᠬᠡᠬᠦ ᠰᠢᠯᠳᠠᠭᠠᠨ ᠨᠦᠬᠦᠴᠡᠯ᠄ | 1. ᠦᠬᠡᠬᠦ ᠲᠤᠰᠤ ᠮᠢᠬᠠᠨ ᠤ ᠵᠦᠢᠯ ᠢ ᠶᠡᠭᠡ ᠡᠳ᠋ᠯᠡᠬᠦ | 2. ᠠᠷᠢᠬᠢ ᠲᠠᠮᠠᠬᠢ ᠶᠢ ᠤᠷᠳᠤ ᠬᠤᠭᠤᠴᠠᠭ᠎ᠠ ᠶᠡᠭᠡ ᠬᠡᠮᠵᠢᠶ᠎ᠡ ᠪᠠᠷ ᠡᠳ᠋ᠯᠡᠬᠦ | 3. ᠭᠠᠯ ᠨᠠᠷᠠᠨ ᠳᠤ ᠤᠳᠠᠳᠠᠯ᠎ᠠ ᠰᠢᠷᠬᠠᠳᠠᠬᠤ | 4. ᠬᠠᠳᠠᠭᠤ ᠬᠦᠴᠦᠯᠡᠬᠦ | 5. ᠬᠡᠳᠦᠷᠬᠡᠢ ᠶᠠᠳᠠᠷᠠᠬᠤ | 6. ᠶᠡᠭᠡ ᠠᠭᠤᠷᠯᠠᠵᠤ ᠪᠠᠴᠢᠮᠳᠠᠬᠤ | 7.ᠰᠡᠳᠬᠢᠯ ᠤᠨ ᠦᠢᠯᠡ ᠶᠢ ᠬᠡᠳᠦᠷᠡᠬᠦᠯᠬᠦ | 8. ᠴᠠᠳᠳᠠᠯ᠎ᠠ ᠢᠳᠡᠵᠦ ᠵᠦᠬᠡᠷ ᠰᠠᠭᠤᠬᠤ | 9. ᠬᠦᠢᠳᠡᠨ ᠳᠤ ᠶᠡᠭᠡ ᠲᠠᠭᠠᠷᠠᠵᠤ ᠵᠢᠩᠬᠢᠨᠡᠬᠦ | ᠲᠦᠷᠪᠡᠨ ᠮᠦᠴᠢ ᠶᠢᠨ ᠯᠤᠭᠰᠢᠭᠤᠨ ᠰᠤᠳᠠᠯ ᠤᠨ ᠲᠦᠭᠵᠢᠷᠡᠯ ᠡᠪᠡᠳᠴᠢᠨ ᠠᠷᠠᠳ ᠤᠨ ᠦᠬᠡᠨ ᠳᠤ᠄ ︽ᠬᠠᠪᠤᠷ ᠤᠨ ᠰᠠᠯᠬᠢ ᠬᠠᠪᠢᠷᠭ᠎ᠠ ᠨᠡᠪᠳᠡᠯᠳᠡᠭ︾ | ᠬᠡᠳᠡᠭ᠃ ᠬᠡᠳᠦ᠋ᠪᠡᠷ ᠬᠠᠪᠤᠷ ᠪᠤᠯᠵᠤ ᠤᠷᠢᠨ ᠲᠤᠯᠠᠭᠠᠨ ᠴᠠᠭ ᠡᠬᠢᠯᠡᠭᠰᠡᠨ ᠪᠤᠯᠪᠠᠴᠤ ᠲᠦᠷᠪᠡᠨ ᠮᠦᠴᠢ ᠪᠠᠨ ᠲᠤᠯᠠᠭᠠᠯᠠᠵᠤ ᠪᠠᠶᠢᠬᠤ ᠬᠡᠷᠡᠭᠳᠡᠢ︕ ᠬᠠᠪᠤᠷ ᠴᠠᠭ ᠤᠨ | ᠲᠤᠯᠠᠭᠠᠨ ᠤ ᠬᠡᠮᠵᠢᠭᠳᠡᠯ ᠤᠨ ᠵᠦᠷᠢᠶ᠎ᠡ ᠠᠴᠠ ᠪᠤᠯᠵᠤ ᠲᠠᠭᠠᠷᠠᠵᠤ ᠵᠢᠩᠭᠢᠨᠡᠬᠦ ᠳᠤ ᠬᠦᠷᠪᠡᠯ ᠮᠦᠨ ᠴᠤ ᠴᠢᠰᠤᠨ ᠤ ᠬᠦᠶᠦᠳᠡᠯ ᠬᠠᠷᠰᠢᠯᠠᠭᠳᠠᠨ ᠲᠦᠷᠪᠡᠨ ᠮᠦᠴᠢ ᠶᠢᠨ | ᠬᠡᠰᠡᠭ ᠤᠨ ᠰᠤᠳᠠᠯ ᠳᠤ ᠲᠦᠭᠵᠢᠷᠡᠯ ᠡᠬᠦᠰᠴᠤ ᠡᠪᠡᠳᠴᠢᠨ ᠡᠬᠦᠰᠬᠡᠵᠦ ᠮᠡᠳᠡᠬᠦ ᠶᠤᠮ︕ ᠲᠦᠷᠪᠡᠨ ᠮᠦᠴᠢ ᠨᠢ ᠬᠦᠮᠦᠨ ᠤ ᠪᠡᠶ᠎ᠡ ᠶᠢ ᠲᠤᠯᠭᠠᠭᠤᠷᠢᠯᠠᠬᠤ᠂ | ᠬᠠᠮᠠᠭᠠᠯᠠᠬᠤ᠂ ᠬᠦᠳᠡᠯᠬᠡᠬᠡᠨ ᠢ ᠵᠤᠬᠢᠴᠠᠭᠤᠯᠬᠤ ᠵᠡᠷᠬᠡ ᠦᠨᠳᠦᠰᠦᠨ ᠦᠢᠯᠡᠳᠦᠯ ᠬᠡᠷᠡᠭᠴᠡᠭᠡ ᠲᠠᠢ ᠪᠠᠶᠢᠳᠠᠭ᠃ ᠮᠠᠨ ᠤ ᠤᠯᠤᠰ ᠲᠤ ᠲᠦᠷᠪᠡᠨ ᠮᠦᠴᠢ ᠶᠢᠨ | ᠯᠤᠭᠰᠢᠭᠤᠨ ᠰᠤᠳᠠᠯ ᠤᠨ ᠲᠦᠭᠵᠢᠷᠡᠯ ᠲᠠᠢ ᠡᠪᠡᠳᠴᠢᠳᠡᠨ ᠤ ᠬᠠᠷᠢᠴᠠᠯ 15% ᠳᠤ ᠬᠦᠷᠴᠦ ᠪᠤᠢ᠃ ᠲᠦᠷᠪᠡᠨ ᠮᠦᠴᠢ ᠶᠢᠨ ᠬᠡᠰᠡᠭ ᠤᠨ ᠯᠤᠭᠰᠢᠭᠤᠨ ᠰᠤᠳᠠᠯ | ᠲᠦᠭᠵᠢᠷᠡᠬᠦ ᠳᠤ ᠬᠡᠢ ᠴᠢᠰᠤᠨ ᠤ ᠬᠦᠶᠦᠳᠡᠯ ᠬᠠᠷᠰᠢᠯᠠᠭᠳᠠᠨ᠂ ᠰᠢᠮ᠎ᠡ ᠲᠡᠵᠢᠬᠡᠯ ᠪᠤᠯᠤᠨ ᠢᠯᠴᠢ ᠶᠢ ᠮᠦᠴᠢ ᠶᠢᠨ ᠬᠡᠰᠡᠭ ᠲᠤ ᠬᠦᠷᠬᠡᠵᠦ ᠲᠡᠶᠢᠯᠬᠦ ᠦᠬᠡᠢ ᠪᠤᠯᠳᠠᠭ᠃ | ᠲᠦᠷᠪᠡᠨ ᠮᠦᠴᠢ ᠶᠢᠨ ᠬᠡᠰᠡᠭ ᠲᠤ ᠯᠤᠭᠰᠢᠭᠤᠨ ᠰᠤᠳᠠᠯ ᠤᠨ ᠲᠦᠭᠵᠢᠷᠡᠯ ᠡᠬᠦᠰᠬᠦ ᠳᠤ ᠭᠠᠷᠬᠤ ᠢᠯᠡᠷᠡᠯ᠄ | 1. ᠬᠦᠢᠳᠡᠨ ᠤᠷᠬᠢᠬᠤ | 2. ᠵᠢᠩᠭᠢᠨᠡᠵᠦ ᠲᠠᠭᠠᠷᠠᠬᠤ | 3. ᠮᠦᠴᠢ ᠰᠤᠯᠠᠷᠠᠬᠤ | 4. ᠬᠦᠴᠦ ᠦᠬᠡᠢ ᠪᠤᠯᠬᠤ | 5. ᠲᠠᠯ᠎ᠠ ᠪᠠᠶ᠎ᠠ ᠲᠠᠮᠪᠠᠷᠠᠬᠤ | ᠲᠦᠷᠪᠡᠨ ᠮᠦᠴᠢ ᠶᠢᠨ ᠬᠡᠰᠡᠭ ᠲᠤ ᠯᠤᠭᠰᠢᠭᠤᠨ ᠰᠤᠳᠠᠯ ᠤᠨ ᠲᠦᠭᠵᠢᠷᠡᠯ ᠲᠠᠢ ᠡᠪᠡᠳᠴᠢᠳᠡᠨ ᠤ ᠠᠩᠬᠠᠷᠬᠤ ᠵᠦᠢᠯ᠄ | 1. ᠲᠠᠪᠤᠰᠤᠯᠢᠭ ᠢᠳᠡᠬᠡᠨ ᠤᠮᠳᠠᠭᠠᠨ ᠢ ᠪᠠᠭᠠᠰᠬᠠᠬᠤ | 2. ᠦᠬᠡᠬᠦ ᠲᠤᠰᠤ ᠲᠠᠢ ᠢᠳᠡᠬᠡᠨ ᠤᠮᠳᠠᠭᠠᠨ ᠢ ᠴᠡᠬᠡᠷᠯᠡᠬᠦ | 3. ᠭᠠᠰᠢᠭᠤᠨ ᠭᠤᠱᠤᠭᠤᠨ ᠢᠳᠡᠬᠡᠨ ᠢ ᠴᠡᠬᠡᠷᠯᠡᠬᠦ | 4. ᠲᠠᠭᠠᠷᠠᠵᠤ ᠵᠢᠩᠭᠢᠨᠡᠬᠦ ᠠᠴᠠ ᠰᠡᠷᠬᠡᠶᠢᠯᠡᠬᠦ | 5. ᠴᠢᠰᠤᠨ ᠤ ᠲᠠᠷᠤᠯᠳᠠ᠂ ᠦᠬᠡᠬᠦ᠂ ᠰᠢᠬᠢᠷ ᠤᠨ ᠬᠡᠮᠵᠢᠶ᠎ᠡ ᠶᠢ ᠲᠤᠭᠳᠠᠭᠤᠨ ᠪᠠᠶᠢᠯᠭᠠᠬᠤ | 6. ᠢᠯᠡᠬᠦᠬᠡᠨ ᠠᠮᠠᠷᠠᠵᠤ ᠨᠦᠢᠷ ᠢ ᠪᠠᠳᠤᠯᠠᠬᠤ | 7. ᠬᠡᠳᠦ ᠶᠠᠳᠠᠷᠠᠬᠤ ᠶᠢ ᠬᠢᠴᠢᠶᠡᠬᠦ | 8. ᠬᠡᠳᠦ ᠬᠦᠴᠦᠯᠡᠬᠦ ᠶᠢ ᠬᠢᠴᠢᠶᠡᠬᠦ | 9. ᠬᠡᠳᠦ ᠰᠠᠭᠤᠬᠤ ᠶᠢ ᠴᠡᠬᠡᠷᠯᠡᠬᠦ 35 — 45 ᠮᠢᠨᠦ᠋ᠲ ᠰᠠᠭᠤᠪᠠᠯ ᠵᠠᠪᠠᠯ ᠬᠦᠳᠡᠯᠬᠡᠬᠡᠨ ᠬᠢᠬᠦ | ᠠᠯᠬᠤᠬᠤ᠂ ᠠᠵᠢᠯᠯᠠᠵᠤ ᠬᠦᠳᠡᠯᠮᠦᠷᠢᠯᠡᠬᠦ ᠶᠢᠨ ᠰᠠᠭᠤᠷᠢ ᠲᠦᠰᠢᠭ ᠪᠤᠯᠬᠤ ᠲᠦᠷᠪᠡᠨ ᠮᠦᠴᠢ ᠶᠢᠨ ᠡᠷᠡᠬᠦᠯ ᠪᠠᠶᠢᠳᠠᠯ ᠢ ᠪᠠᠨ ᠪᠠᠳᠤᠯᠠᠨ ᠬᠠᠮᠠᠭᠠᠯᠠᠵᠤ | ᠬᠡᠵᠢᠶᠡᠳᠡ ᠡᠷᠡᠬᠦᠯ ᠡ᠊ᠡᠭᠬᠡ ᠪᠠᠶᠢᠵᠠᠭᠠᠶ᠎ᠠ︕ |