ᠵᠣᠨ ᠤ ᠤᠯᠠᠷᠢᠯ ᠳᠤ ᠠᠯᠮᠤᠷᠠᠳ ᠤᠨ ᠮᠣᠳᠣᠨ ᠤ ᠰᠠᠯᠠᠭ᠎ᠠ ᠶᠢ ᠬᠠᠶᠢᠴᠢᠯᠠᠵᠤ ᠵᠠᠰᠠᠬᠤ ᠨᠢ ᠴᠡᠴᠡᠭ ᠤᠨ ᠨᠠᠬᠢᠶ᠎ᠠ ᠪᠦᠲᠦᠵᠦ ᠪᠦᠷᠢᠯᠳᠦᠬᠦ ᠳᠤ ᠮᠠᠰᠢ ᠠᠰᠢᠭᠲᠠᠢ | ᠶᠤᠮ᠃ ᠭᠡᠬᠦ ᠳᠡᠭᠡᠨ ᠴᠠᠭ ᠬᠤᠭᠤᠴᠠᠭ᠎ᠠ ᠮᠡᠷᠭᠡᠵᠢᠯ ᠤᠨ ᠱᠠᠭᠠᠷᠳᠠᠯᠭ᠎ᠠ ᠶᠢ ᠰᠠᠶᠢᠲᠤᠷ ᠡᠵᠡᠮᠰᠢᠵᠦ ᠮᠡᠳᠡᠬᠦ ᠬᠡᠷᠡᠭᠲᠡᠢ᠃ | ᠥᠨᠴᠥᠭᠯᠡᠬᠦ᠄ ᠭᠤᠣᠯ ᠰᠠᠯᠠᠭ᠎ᠠ ᠪᠣᠯᠣᠨ ᠳᠡᠳ᠋ ᠰᠠᠯᠠᠭ᠎ᠠ ᠶᠢᠨ ᠬᠤᠭᠤᠷᠤᠨᠳᠤᠬᠢ ᠵᠠᠢ ᠨᠢ ᠳᠡᠩᠳᠡᠭᠦᠦ ᠣᠶᠢᠷ᠎ᠠ ᠪᠣᠯ 4 ᠰᠠᠷ᠎ᠠ ᠶᠢᠨ ᠰᠡᠭᠦᠯᠴᠢ ᠠᠴᠠ 7 | ᠰᠠᠷ᠎ᠠ ᠶᠢᠨ ᠡᠬᠢ ᠪᠣᠯᠳᠠᠯᠠᠬᠢ ᠬᠤᠭᠤᠴᠠᠭᠠᠨ ᠳᠤ 50 — 60 ᠭᠷᠡᠳᠦ᠋ᠰ ᠤᠨ ᠥᠨᠴᠥᠭ ᠪᠣᠯᠭᠠᠵᠤ ᠬᠤᠶᠠᠷ ᠲᠡᠰᠢ ᠨᠢ ᠰᠠᠯᠭᠠᠵᠤ ᠪᠣᠭᠤᠨ᠎ᠠ᠃ ᠢᠩᠭᠢᠪᠡᠯ | ᠮᠣᠳᠣᠨ ᠤ ᠦᠵᠦᠭᠦᠷ ᠤᠨ ᠨᠠᠷᠠᠨ ᠤ ᠲᠤᠰᠤᠯᠲᠠ ᠨᠡᠮᠡᠭᠳᠡᠵᠦ ᠳᠣᠲᠣᠭᠠᠳᠤ ᠬᠤᠷᠮᠣᠨ ᠲᠡᠩᠴᠡᠭᠦᠷᠢᠲᠡᠢ ᠪᠣᠯᠵᠤ ᠴᠢᠳᠠᠨ᠎ᠠ᠃ | ᠰᠢᠩᠭᠡᠯᠡᠬᠦ᠄ ᠳᠣᠷᠪᠢᠯᠢᠭ ᠰᠠᠯᠠᠭ᠎ᠠ ᠪᠣᠯᠣᠨ ᠡᠭᠴᠡ ᠰᠠᠯᠠᠭ᠎ᠠ ᠤᠷᠭᠤᠭᠠᠳ 15 — 20 ᠰᠠᠨᠲ᠋ᠢᠮᠧᠳ᠋ᠷ ᠪᠣᠯᠬᠤ ᠦᠶ᠎ᠡ ᠳᠤ ᠪᠠᠶᠢᠨ ᠳᠠᠬᠢᠨ ᠰᠢᠩᠭᠡᠯᠡᠵᠦ | ᠰᠠᠬᠤᠯᠢᠭᠵᠢᠬᠤ ᠶᠢ ᠰᠡᠷᠭᠡᠶᠢᠯᠡᠨ ᠰᠢᠮ᠎ᠡ ᠲᠡᠵᠢᠭᠡᠯ ᠢ ᠪᠠᠲᠤᠯᠠᠬᠤ ᠬᠡᠷᠡᠭᠲᠡᠢ᠃ | ᠴᠢᠭᠯᠡᠯ ᠬᠤᠪᠢᠷᠠᠭᠤᠯᠬᠤ᠄ ᠨᠢᠭᠡ ᠠᠴᠠ ᠬᠤᠶᠠᠷ ᠡᠪᠦᠯ ᠢ ᠥᠩᠭᠡᠷᠡᠭᠦᠯᠦᠭᠰᠡᠨ ᠰᠠᠯᠠᠭ᠎ᠠ ᠶᠢ 5 ᠰᠠᠷ᠎ᠠ ᠶᠢᠨ ᠳᠤᠮᠳᠠᠴᠢ ᠠᠴᠠ 6 ᠰᠠᠷ᠎ᠠ ᠶᠢᠨ ᠰᠡᠭᠦᠯᠴᠢ | ᠪᠤᠯᠳᠠᠯᠠᠬᠢ ᠬᠤᠭᠤᠴᠠᠭᠠᠨ ᠳᠤ ᠬᠦᠰᠢᠭᠦ᠂ ᠠᠲᠤᠷᠢᠭᠤᠯᠬᠤ ᠵᠡᠷᠭᠡ ᠠᠷᠭ᠎ᠠ ᠪᠠᠷ ᠤᠷᠭᠤᠯᠲᠠ ᠶᠢᠨ ᠴᠢᠭᠯᠡᠯ ᠢ ᠬᠤᠪᠢᠷᠠᠭᠤᠯᠪᠠᠯ ᠴᠡᠴᠡᠭ ᠤᠨ ᠨᠠᠬᠢᠶ᠎ᠠ ᠶᠢᠨ ᠪᠦᠷᠢᠯᠳᠦᠯ ᠢ | ᠠᠬᠢᠭᠤᠯᠵᠤ ᠴᠢᠳᠠᠨ᠎ᠠ᠃ | ᠮᠤᠰᠬᠢᠯᠳᠤᠭᠤᠯᠬᠤ᠄ ᠰᠠᠯᠠᠭ᠎ᠠ ᠨᠢ ᠤᠷᠭᠤᠭᠠᠳ 34 ᠰᠠᠨᠲ᠋ᠢᠮᠧᠳ᠋ᠷ ᠪᠣᠯᠬᠤ ᠦᠶ᠎ᠡ ᠳᠤ ᠡᠳᠡᠭᠡᠷ ᠰᠠᠯᠠᠭ᠎ᠠ ᠶᠢ ᠮᠤᠰᠬᠢᠯᠳᠤᠭᠤᠯᠤᠭᠠᠳ 180 ᠭᠷᠡᠳᠦ᠋ᠰ | ᠡᠷᠭᠢᠭᠦᠯᠵᠦ ᠲᠠᠯᠪᠢᠪᠠᠯ ᠤᠷᠭᠤᠴᠠ ᠶᠢ ᠤᠳᠠᠭᠠᠰᠢᠷᠠᠭᠤᠯᠵᠤ ᠴᠡᠴᠡᠭ ᠤᠨ ᠨᠠᠬᠢᠶ᠎ᠠ ᠪᠦᠷᠢᠯᠳᠦᠬᠦ ᠳᠤ ᠲᠤᠰᠠᠲᠠᠢ ᠪᠠᠶᠢᠳᠠᠭ᠃ | ᠬᠠᠯᠢᠰᠤ ᠶᠢ ᠨᠢ ᠴᠠᠭᠠᠯᠠᠬᠤ᠄ ᠴᠢᠭᠯᠡᠯ ᠢ ᠨᠢ ᠥᠭᠡᠷᠡᠴᠢᠯᠡᠬᠦ ᠠᠷᠭ᠎ᠠ ᠦᠭᠡᠢ ᠪᠣᠯᠤᠭᠰᠠᠨ ᠣᠨ ᠤᠳᠠᠭᠰᠠᠨ ᠳᠣᠷᠪᠢᠯᠢᠭ ᠰᠠᠯᠠᠭ᠎ᠠ ᠶᠢ 5 ᠰᠠᠷ᠎ᠠ ᠶᠢᠨ | ᠰᠡᠭᠦᠯᠴᠢ ᠠᠴᠠ 6 ᠰᠠᠷ᠎ᠠ ᠶᠢᠨ ᠳᠤᠮᠳᠠᠴᠢ ᠪᠣᠯᠳᠠᠯᠠᠬᠢ ᠬᠤᠭᠤᠴᠠᠭᠠᠨ ᠳᠤ ᠴᠠᠭᠠᠷᠢᠭ ᠬᠡᠯᠪᠡᠷᠢᠲᠡᠢ ᠪᠠᠷ ᠬᠠᠯᠢᠰᠤ ᠶᠢ ᠨᠢ ᠴᠠᠭᠠᠯᠠᠪᠠᠯ ᠮᠥᠨ ᠴᠡᠴᠡᠭ ᠤᠨ ᠨᠠᠬᠢᠶ᠎ᠠ | ᠪᠦᠷᠢᠯᠳᠦᠵᠦ ᠪᠦᠲᠦᠳᠡᠭ ᠪᠠᠶᠢᠨ᠎ᠠ᠃ ᠬᠠᠯᠢᠰᠤ ᠴᠠᠭᠠᠯᠠᠬᠤ ᠳᠠᠭᠠᠨ ᠮᠣᠳᠣᠨ ᠰᠠᠯᠠᠭᠠᠨ ᠤ ᠬᠠᠯᠢᠰᠤᠨ ᠤ ᠠᠷᠪᠠᠨ ᠤ ᠨᠢᠭᠡ ᠬᠤᠪᠢ ᠶᠢ ᠯᠠ ᠴᠠᠭᠠᠯᠠᠨ᠎ᠠ᠂ ᠵᠢᠱᠢᠶᠡᠯᠡᠪᠡᠯ᠂ | 8 ᠰᠠᠨᠲ᠋ᠢᠮᠧᠳ᠋ᠷ ᠪᠦᠳᠦᠭᠦᠨ ᠰᠠᠯᠠᠭᠠᠨ ᠤ ᠬᠠᠯᠢᠰᠤ ᠶᠢ ᠴᠠᠭᠠᠯᠠᠬᠤ ᠪᠠᠷ ᠪᠣᠳᠣᠪᠠᠯ 8 ᠮᠢᠯᠢᠮᠧᠳ᠋ᠷ ᠬᠠᠯᠢᠰᠤ ᠶᠢ ᠨᠢ ᠴᠠᠭᠠᠯᠠᠪᠠᠯ ᠪᠤᠯᠴᠢᠬᠠᠨ᠎ᠠ᠃ ᠭᠡᠬᠦ ᠳᠡᠭᠡᠨ ᠴᠠᠭ | ᠬᠤᠭᠤᠴᠠᠭ᠎ᠠ ᠶᠢ ᠨᠢ ᠳᠡᠩᠳᠡᠭᠦᠦ ᠣᠷᠣᠢ ᠪᠠᠶᠢᠯᠭᠠᠵᠤ ᠪᠣᠯᠬᠤ ᠦᠭᠡᠢ᠂ ᠡᠰᠡᠪᠡᠯ ᠡᠳᠡᠭᠡᠷᠡᠵᠦ ᠴᠢᠳᠠᠬᠤ ᠦᠭᠡᠢ ᠪᠣᠯᠣᠨ᠎ᠠ᠃ |