ᠪᠢᠳᠡ ᠠᠮᠢᠳᠤᠷᠠᠯ ᠳᠠᠭᠠᠨ ᠲᠤᠰᠠᠲᠠᠢ ᠶᠡᠷᠦ ᠶᠢᠨ ᠮᠡᠳᠡᠯᠭᠡ ᠶᠢ ᠪᠠᠭ᠎ᠠ ᠴᠦ ᠭᠡᠰᠡᠨ ᠰᠤᠷᠴᠤ ᠡᠵᠡᠮᠰᠢᠵᠦ ᠪᠠᠶᠢᠪᠡᠯ ᠰᠠᠶᠢᠨ ᠶᠤᠮ᠃ ᠲᠤᠩ ᠴᠦ ᠬᠢᠯᠪᠠᠷ ᠵᠦᠢᠯ ᠢ | ᠡᠪ ᠢ ᠨᠢ ᠣᠯᠬᠤ ᠦᠭᠡᠢ ᠦᠶ᠎ᠡ ᠳᠤ ᠠᠷᠭ᠎ᠠ ᠪᠠᠨ ᠪᠠᠷᠠᠵᠤ ᠴᠥᠬᠦᠷᠡᠳᠡᠭ᠂ ᠳᠣᠣᠷ᠎ᠠ ᠠᠮᠢᠳᠤᠷᠠᠯ ᠳᠤᠮᠳᠠ ᠦᠷᠭᠦᠯᠵᠢ ᠬᠡᠷᠡᠭᠰᠡᠬᠦ ᠶᠡᠷᠦ ᠶᠢᠨ ᠮᠡᠳᠡᠯᠭᠡ ᠠᠴᠠ ᠬᠡᠳᠦ ᠶᠢ | ᠬᠤᠪᠢᠶᠠᠯᠴᠠᠶ᠎ᠠ᠃ | 1.ᠠᠪᠠᠷᠠᠶ ᠶᠢ ᠬᠠᠯᠢᠰᠤ ᠶᠢ ᠭᠠᠯ ᠳᠡᠭᠡᠷ᠎ᠡ ᠬᠡᠳᠦ ᠡᠷᠭᠢᠭᠦᠯᠣᠭᠡᠳ ᠠᠪᠤᠪᠠᠯ ᠬᠠᠯᠢᠰᠤ ᠶᠢ ᠨᠢ ᠱᠠᠭᠠᠯᠬᠤ ᠳᠤ ᠠᠮᠠᠷᠬᠠᠨ ᠪᠠᠶᠢᠵᠣ᠂ ᠲᠥᠪᠡᠳ ᠬᠠᠰᠢ ᠶᠢ | ᠬᠠᠯᠠᠭᠤᠨ ᠤᠰᠤᠨ ᠳᠤ ᠬᠢᠪᠡᠯ ᠬᠠᠯᠢᠰᠤ ᠨᠢ ᠠᠮᠠᠷᠬᠠᠨ ᠱᠠᠭᠠᠷᠠᠳᠠᠭ᠃ | 2. ᠲᠡᠮᠦᠷ ᠲᠣᠭᠤᠭ᠎ᠠ ᠪᠠᠷ ᠶᠠᠭᠤᠮ᠎ᠠ ᠬᠠᠭᠠᠷᠢᠬᠤ ᠦᠶᠡᠰ᠂ ᠤᠷᠢᠳ ᠢᠶᠠᠷ ᠲᠣᠭᠤᠭ᠎ᠠ ᠪᠠᠨ ᠭᠠᠯ ᠳᠡᠭᠡᠷ᠎ᠡ ᠲᠠᠯᠪᠢᠵᠤ ᠬᠠᠯᠠᠭᠠᠵᠤ᠂ ᠪᠠᠭ᠎ᠠ ᠬᠡᠮᠵᠢᠶᠡᠨ ᠤ | ᠲᠣᠰᠣ ᠬᠢᠵᠦ ᠬᠠᠯᠠᠭᠠᠭᠰᠠᠨ ᠤ ᠳᠠᠷᠠᠭ᠎ᠠ ᠠᠰᠬᠠᠨ᠎ᠠ᠂ ᠳᠠᠬᠢᠨ ᠬᠦᠢᠲᠡᠨ ᠲᠣᠰᠣ ᠬᠢᠪᠡᠯ ᠲᠡᠮᠦᠷ ᠲᠣᠭᠤᠭ᠎ᠠ ᠨᠠᠭᠠᠯᠳᠤᠬᠤ ᠦᠭᠡᠢ ᠪᠤᠯᠳᠠᠭ᠃ | 3. ᠬᠠᠪᠢᠷᠭ᠎ᠠ ᠴᠢᠨᠠᠬᠤ ᠪᠤᠶᠤ ᠱᠥᠯᠥ ᠬᠢᠬᠦ ᠳᠡᠭᠡᠨ ᠪᠠᠭ᠎ᠠ ᠬᠡᠮᠵᠢᠶᠡᠨ ᠤ ᠼᠤᠤ ᠬᠢᠪᠡᠯ ᠺᠠᠯᠼ ᠰᠢᠩᠭᠡᠭᠡᠬᠦ ᠳᠤ ᠠᠰᠢᠭᠲᠠᠢ ᠪᠠᠶᠢᠳᠠᠭ᠃ | 4. ᠪᠤᠳᠠᠭ᠎ᠠ ᠵᠢᠩᠨᠡᠬᠦ ᠳᠡᠭᠡᠨ ᠲᠣᠭᠤᠭᠠᠨ ᠳᠠᠭᠠᠨ ᠬᠡᠳᠦᠨ ᠳᠤᠰᠤᠯ ᠲᠣᠰᠣ ᠳᠤᠰᠤᠭᠠᠪᠠᠯ ᠵᠢᠩᠨᠡᠵᠦ ᠭᠠᠷᠭᠠᠭᠰᠠᠨ ᠪᠤᠳᠠᠭ᠎ᠠ ᠠᠮᠲᠠᠲᠠᠢ ᠪᠥᠭᠡᠳ | ᠲᠣᠭᠤᠭᠠᠨ ᠳᠤ ᠨᠠᠭᠠᠯᠳᠤᠬᠤ ᠦᠭᠡᠢ᠃ | 5. ᠬᠠᠷ᠎ᠠ ᠳᠡᠯᠳᠡᠦ ᠶᠢ ᠤᠬᠢᠶᠠᠬᠤ ᠳᠠᠭᠠᠨ ᠵᠢᠭᠠᠬᠠᠨ ᠭᠤᠯᠢᠷ ᠬᠢᠪᠡᠯ᠂ ᠭᠬᠢᠷ ᠪᠤᠷᠲᠠᠭ ᠢ ᠰᠠᠶᠢᠬᠠᠨ ᠤᠬᠢᠶᠠᠵᠤ ᠠᠷᠢᠯᠭᠠᠳᠠᠭ᠃ | 6. ᠦᠵᠦᠮ ᠢ ᠤᠬᠢᠶᠠᠬᠤ ᠳᠠᠭᠠᠨ ᠵᠢᠭᠠᠬᠠᠨ ᠴᠠᠷᠳᠠᠭᠤᠯ ᠬᠢᠪᠡᠯ᠂ ᠭᠦᠯᠳᠡᠭᠡᠨᠡᠵᠦ ᠰᠠᠶᠢᠬᠠᠨ ᠤᠬᠢᠶᠠᠭᠳᠠᠳᠠᠭ᠃ | 7. ᠪᠠᠩᠰᠢ ᠴᠢᠨᠠᠬᠤ ᠦᠶᠡᠰ ᠲᠣᠭᠤᠭᠠᠨ ᠳᠤ ᠬᠡᠳᠦᠨ ᠰᠢᠷᠬᠡᠭ ᠬᠡᠷᠴᠢᠭᠰᠡᠨ ᠰᠣᠩᠭᠢᠨ᠎ᠠ ᠬᠢᠪᠡᠯ ᠪᠠᠩᠰᠢ ᠲᠣᠭᠤᠭᠠᠨ ᠳᠤ ᠨᠠᠭᠠᠯᠳᠤᠬᠤ ᠦᠭᠡᠢ ᠪᠤᠯᠳᠠᠭ᠃ |