ᠳᠤᠬᠢᠷᠠᠮᠵᠢᠳᠡᠢ ᠬᠦᠳᠡᠯᠬᠡᠬᠡᠨ ᠤ ᠬᠡᠯᠪᠡᠷᠢ ᠶᠢ ᠰᠤᠩᠭᠤᠨ᠎ᠠ | ᠮᠠᠷᠢᠶ᠎ᠠ ᠲᠠᠢ ᠬᠦᠮᠦᠰ ᠳᠤᠬᠢᠷᠠᠮᠵᠢᠳᠡᠢ ᠳᠠᠮᠢᠷ ᠤᠨ ᠬᠦᠳᠡᠯᠬᠡᠬᠡᠨ ᠤ ᠬᠡᠯᠪᠡᠷᠢ ᠶᠢ ᠰᠤᠩᠭᠤᠵᠤ᠂ ᠪᠡᠶ᠎ᠡ ᠶᠢᠨ ᠦᠬᠡᠬᠦᠨ ᠤ ᠬᠡᠮᠵᠢᠶ᠎ᠡ ᠪᠠᠨ ᠵᠤᠬᠢᠰᠳᠠᠢ | ᠪᠠᠭᠤᠷᠠᠭᠤᠯᠬᠤ ᠶᠢᠨ ᠬᠠᠮᠳᠤ ᠬᠦᠳᠡᠯᠬᠡᠬᠡᠨ ᠤ ᠶᠠᠪᠤᠴᠠ ᠳᠤ ᠰᠢᠷᠬᠠᠳᠤᠯ ᠡᠬᠦᠰᠬᠦ ᠠᠴᠠ ᠵᠠᠶᠢᠯᠠᠰᠬᠢᠬᠤ ᠬᠡᠷᠡᠭᠳᠡᠢ᠃ ᠵᠢᠱᠢᠶᠡᠯᠡᠪᠡᠯ ᠤᠳᠠᠭᠠᠨ ᠬᠦᠶᠦᠬᠦ᠂ ᠤᠮᠪᠠᠭ᠋ᠤ | ᠵᠡᠷᠬᠡ ᠪᠤᠯ ᠪᠦᠷ ᠵᠦᠪ ᠰᠤᠩᠭᠤᠯᠳᠠ ᠪᠤᠯᠤᠨ᠎ᠠ᠃ ᠬᠦᠮᠦᠰ ᠠᠩᠬ᠎ᠠ ᠡᠬᠢᠯᠡᠵᠤ ᠬᠦᠳᠡᠯᠬᠡᠬᠡᠨ ᠬᠢᠬᠦ ᠦᠶᠡᠰ᠂ ᠳᠤᠮᠳᠠ ᠵᠡᠷᠬᠡ ᠶᠢᠨ ᠬᠦᠴᠦᠯᠡᠴᠡ ᠪᠠᠷ ᠭᠤᠤᠯ | ᠪᠤᠯᠭᠠᠵᠤ᠂ ᠬᠦᠳᠡᠯᠬᠡᠬᠡᠨ ᠤ ᠬᠡᠮᠳᠤᠯ ᠤᠨ ᠲᠦᠭᠰᠢᠬᠦᠷᠢ ᠶᠢ ᠨᠡᠮᠡᠭᠳᠡᠬᠦᠯᠬᠦ ᠠᠴᠠ ᠰᠡᠷᠬᠡᠶᠢᠯᠡᠨ᠎ᠡ᠃ | ᠬᠦᠳᠡᠯᠬᠡᠬᠡᠨ ᠤ ᠬᠦᠴᠦᠯᠡᠴᠡ ᠪᠠᠨ ᠠᠭᠠᠵᠢᠮ ᠢᠶᠠᠷ ᠨᠡᠮᠡᠭᠳᠡᠬᠦᠯᠦᠨ᠎ᠡ | ᠶᠡᠷᠦ ᠳᠤ ᠪᠠᠨ ᠠᠩᠬ᠎ᠠ ᠡᠬᠢᠯᠡᠵᠤ ᠬᠦᠳᠡᠯᠬᠡᠬᠡᠨ ᠬᠢᠬᠦ ᠳᠤ ᠭᠠᠷᠠᠭ ᠪᠦᠷᠢ 3 ᠤᠳᠠᠭ᠎ᠠ᠂ ᠤᠳᠠᠭ᠎ᠠ ᠪᠦᠷᠢ 30 ᠮᠢᠨᠦ᠋ᠲ ᠪᠤᠯᠪᠠᠰᠤᠷᠠᠨ᠎ᠠ᠃ ᠡᠬᠦᠨ ᠠᠴᠠ | ᠳᠠᠷᠠᠭ᠎ᠠ ᠪᠠᠷ ᠦᠪᠡᠷ ᠤᠨ ᠪᠡᠶ᠎ᠡ ᠶᠢᠨ ᠪᠠᠶᠢᠳᠠᠯ᠂ ᠬᠦᠳᠡᠯᠬᠡᠬᠡᠨ ᠤ ᠴᠢᠳᠠᠪᠤᠷᠢ ᠵᠡᠷᠬᠡ ᠪᠠᠨ ᠦᠨᠳᠤᠰᠤᠯᠡᠵᠤ᠂ ᠭᠠᠷᠠᠭ ᠪᠦᠷᠢ 5 ᠤᠳᠠᠭ᠎ᠠ ᠬᠦᠳᠡᠯᠬᠡᠬᠡᠨ ᠬᠢᠨ᠎ᠡ᠃ | ᠡᠬᠦᠨ ᠳᠤ ᠤᠳᠠᠭ᠎ᠠ ᠪᠦᠷᠢ 30 ᠠᠴᠠ 60 ᠮᠢᠨᠦ᠋ᠲ ᠪᠤᠯᠪᠠᠰᠤᠷᠠᠬᠤ ᠶᠢ ᠪᠠᠷᠢᠮᠳᠠᠯᠠᠵᠤ᠂ ᠭᠠᠷᠠᠭ ᠪᠦᠷᠢ 150 ᠮᠢᠨᠦ᠋ᠲ ᠤᠨ ᠳᠤᠮᠳᠠ ᠵᠡᠷᠬᠡ ᠶᠢᠨ ᠬᠦᠴᠦᠯᠡᠴᠡ ᠲᠠᠢ | ᠬᠦᠴᠢᠯᠳᠦ᠋ᠷᠦᠭᠴᠢᠳᠤ ᠬᠦᠳᠡᠯᠬᠡᠬᠡᠨ ᠤ ᠬᠡᠮᠵᠢᠶ᠎ᠡ ᠳᠤ ᠬᠦᠷᠬᠡᠬᠦ ᠪᠠᠷ ᠴᠢᠷᠮᠠᠶᠢᠨ᠎ᠠ᠃ | ᠪᠤᠯᠴᠢᠩ ᠴᠢᠩᠭᠠᠷᠠᠭᠤᠯᠬᠤ ᠬᠦᠳᠡᠯᠬᠡᠬᠡᠨ ᠢ ᠤᠮᠳᠤᠭᠠᠶᠢᠯᠠᠵᠤ ᠪᠤᠯᠬᠤ ᠦᠬᠡᠢ | ᠶᠠᠯᠢᠩ ᠡᠷᠬᠦᠬᠦ᠂ ᠳᠡᠬᠡᠰᠤ ᠦᠰᠦᠷᠬᠦ ᠵᠡᠷᠬᠡ ᠪᠤᠯᠴᠢᠩ ᠴᠢᠩᠭᠠᠷᠠᠭᠤᠯᠬᠤ ᠬᠦᠳᠡᠯᠬᠡᠬᠡᠨ ᠢ ᠢᠯᠡᠬᠦᠬᠡᠨ ᠬᠢᠬᠦ ᠪᠠᠷ ᠳᠠᠮᠵᠢᠨ ᠪᠤᠯᠴᠢᠩ ᠤᠨ ᠬᠦᠴᠦᠨ ᠢ | ᠨᠡᠮᠡᠭᠳᠡᠬᠦᠯᠵᠤ᠂ ᠰᠢᠨ᠎ᠡ ᠬᠠᠭᠤᠴᠢᠨ ᠤ ᠰᠤᠯᠢᠯᠴᠠᠭ᠎ᠠ ᠶᠢ ᠳᠡᠬᠡᠭᠰᠢᠯᠡᠬᠦᠯᠵᠤ ᠪᠤᠯᠤᠨ᠎ᠠ᠃ ᠭᠠᠷᠠᠭ ᠪᠦᠷᠢ 2 — 3 ᠤᠳᠠᠭᠠᠨ ᠤ ᠪᠤᠯᠴᠢᠩ ᠴᠢᠩᠭᠠᠷᠠᠭᠤᠯᠬᠤ | ᠬᠦᠳᠡᠯᠬᠡᠬᠡᠨ ᠬᠢᠵᠤ᠂ ᠤᠳᠠᠭ᠎ᠠ ᠪᠦᠷᠢ 2 — 4 ᠡᠬᠡᠯᠵᠢ ᠬᠢᠬᠦ ᠶᠢ ᠪᠠᠷᠢᠮᠳᠠᠯᠠᠪᠠᠯ ᠵᠤᠬᠢᠨ᠎ᠠ᠃ |