1. ᠭᠡᠭᠡᠯ ᠲᠤᠭᠳᠠᠬᠤ ᠨᠣᠷᠮ᠎ᠠ ᠶᠢ ᠳᠡᠭᠡᠭᠰᠢᠯᠡᠭᠦᠯᠵᠦ᠂ ᠬᠤᠨᠢᠨ ᠤ ᠰᠣᠪᠠᠶᠢᠷᠠᠬᠤ ᠶᠢ ᠴᠥᠭᠡᠳᠭᠡᠵᠦ ᠴᠢᠳᠠᠨ᠎ᠠ᠃ | 2. ᠡᠮ᠎ᠡ ᠬᠤᠨᠢ ᠬᠦᠴᠦ ᠲᠠᠷᠭᠤ ᠨᠢ ᠪᠠᠭᠤᠷᠠᠬᠤ ᠠᠴᠠ ᠡᠮᠦᠨ᠎ᠡ ᠬᠤᠷᠭᠠᠯᠠᠳᠠᠭ ᠲᠤᠯᠠ ᠲᠥᠯ ᠤᠨ ᠪᠤᠶᠢᠵᠢᠯᠲᠠ ᠶᠢᠨ ᠨᠣᠷᠮ᠎ᠠ ᠦᠨᠳᠦᠷ ᠪᠠᠶᠢᠳᠠᠭ᠃ | 3. ᠬᠠᠷ᠎ᠠ ᠳᠡᠯᠡᠩ ᠲᠠᠢ ᠬᠤᠷᠭᠠᠯᠠᠬᠤ ᠦᠵᠡᠭᠳᠡᠯ ᠪᠠᠷᠤᠭ ᠭᠠᠷᠳᠠᠭ ᠦᠭᠡᠢ᠂ ᠰᠦ ᠰᠠᠶᠢᠲᠠᠢ ᠪᠣᠯᠬᠤᠷ ᠬᠤᠷᠠᠭ᠎ᠠ ᠨᠢ ᠲᠣᠷᠨᠢᠯᠲᠠ ᠰᠠᠶᠢᠲᠠᠢ ᠪᠠᠶᠢᠳᠠᠭ᠃ | 4. ᠡᠪᠤᠯ ᠤᠨ ᠤᠯᠠᠷᠢᠯ ᠳᠤ ᠭᠠᠷᠤᠭᠰᠠᠨ ᠨᠢᠯᠬ᠎ᠠ ᠲᠥᠯ ᠬᠠᠯᠳᠠᠪᠤᠷᠢᠲᠤ ᠡᠪᠡᠳᠴᠢᠨ ᠳᠤ ᠨᠡᠷᠪᠡᠭᠳᠡᠬᠦ ᠨᠢ ᠴᠥᠭᠡᠨ ᠪᠠᠶᠢᠳᠠᠭ᠃ | 5. ᠬᠤᠨᠢ ᠬᠠᠶᠢᠴᠢᠯᠠᠬᠤ ᠦᠶ᠎ᠡ ᠳᠤ ᠡᠪᠤᠯ ᠤᠨ ᠲᠥᠯ ᠤᠨ ᠨᠣᠣᠰᠣ ᠨᠢ ᠨᠡᠯᠢᠶᠡᠳ ᠤᠷᠲᠤ ᠤᠷᠭᠤᠵᠤ᠂ ᠬᠤᠷᠠᠭ᠎ᠠ ᠪᠦᠷᠢ ᠠᠴᠠ ᠪᠠᠷᠤᠭ 1 — 1.5 | ᠺᠢᠯᠥᠭᠷᠠᠮ ᠨᠣᠣᠰᠣ ᠬᠤᠷᠢᠶᠠᠵᠤ ᠴᠢᠳᠠᠨ᠎ᠠ᠃ | 6. ᠡᠪᠦᠯ ᠤᠨ ᠡᠷ᠎ᠡ ᠬᠤᠷᠠᠭ᠎ᠠ ᠶᠢ ᠪᠣᠷᠳᠤᠭᠠᠳ ᠠᠷᠪᠠᠨ ᠰᠠᠷ᠎ᠠ ᠳᠡᠭᠡᠷ᠎ᠡ ᠨᠢ ᠬᠤᠳᠠᠯᠳᠠᠪᠠᠯ ᠲᠡᠭᠰᠢᠳᠭᠡᠭᠡᠳ 70 ᠭᠠᠷᠦᠢ ᠲᠥᠭᠦᠷᠢᠭ ᠬᠤᠳᠠᠯᠳᠤᠵᠤ᠂ ᠮᠠᠯ | ᠰᠦᠷᠦᠭ ᠤᠨ ᠡᠷᠬᠢᠯᠲᠡ ᠶᠢ ᠲᠦᠷᠭᠡᠳᠭᠡᠵᠦ ᠴᠢᠳᠠᠨ᠎ᠠ᠃ | 7. ᠡᠪᠦᠯ ᠤᠨ ᠡᠷ᠎ᠡ ᠬᠤᠷᠠᠭ᠎ᠠ ᠶᠢ ᠨᠠᠮᠦᠷ ᠲᠠᠭᠠᠨ ᠰᠶᠢᠳᠪᠦᠯᠡᠵᠦ ᠴᠢᠳᠠᠳᠠᠭ ᠪᠤᠯᠬᠤᠷ ᠬᠠᠪᠤᠷ ᠤᠨ ᠤᠯᠠᠷᠢᠯ ᠳᠤ ᠪᠡᠯᠴᠢᠭᠡᠷ ᠤᠨ ᠲᠠᠷᠤᠭᠠᠰᠦ ᠶᠢ ᠬᠥᠡᠭᠭᠡᠷᠡᠭᠦᠯᠬᠦ | ᠮᠥᠷᠳᠡᠭᠡᠨ ᠬᠥᠳᠡᠯᠮᠦᠷᠢ ᠬᠦᠴᠦ ᠶᠢ ᠴᠣ᠋ ᠠᠷᠪᠢᠯᠠᠳᠠᠭ᠃ | 8. ᠮᠠᠯ ᠤᠨ ᠭᠠᠷᠭᠠᠯᠲᠠ ᠶᠢ ᠨᠡᠮᠡᠭᠳᠡᠭᠦᠯᠳᠡᠭ ᠲᠤᠯᠠ ᠡᠭᠡ ᠮᠠᠯ ᠤᠨ ᠦᠨᠳᠦᠷᠦᠯᠲᠡ ᠶᠢ ᠳᠡᠭᠡᠭᠰᠢᠯᠡᠭᠦᠯᠵᠦ ᠴᠢᠳᠠᠨ᠎ᠠ᠃ | 9. ᠡᠪᠤᠯ ᠥᠯᠡᠳᠡᠭᠡᠬᠦ ᠮᠠᠯ ᠢᠶᠠᠨ ᠴᠥᠭᠡᠷᠡᠭᠦᠯᠪᠡᠯ ᠭᠡᠨᠡᠳᠲᠡ ᠶᠢᠨ ᠵᠤᠳ ᠭᠠᠮᠰᠢᠭ ᠲᠤ ᠲᠤᠬᠢᠶᠠᠯᠳᠤᠭᠰᠠᠨ ᠴᠣ᠋ ᠡᠭᠡ ᠮᠠᠯ ᠢᠶᠠᠨ ᠬᠠᠮᠠᠭᠠᠯᠠᠬᠤ ᠶᠢ ᠪᠠᠳᠤᠯᠠᠵᠤ | ᠴᠢᠳᠠᠨ᠎ᠠ᠃ | 10. ᠡᠷ᠎ᠡ ᠬᠤᠷᠠᠭ᠎ᠠ ᠶᠢ ᠲᠤᠰ ᠵᠢᠯ ᠳᠡᠭᠡᠨ ᠰᠢᠢᠳᠪᠦᠷᠢᠯᠡᠴᠢᠳᠡᠭ ᠪᠣᠯᠬᠤᠷ ᠮᠠᠯᠴᠢᠳ ᠣᠷᠣᠯᠭ᠎ᠠ ᠪᠠᠨ ᠨᠡᠮᠡᠭᠳᠡᠭᠦᠯᠵᠦ ᠢᠷᠡᠬᠦ ᠵᠢᠯ ᠤᠨ ᠤᠶᠢᠯᠡᠳᠪᠤᠷᠢᠯᠡᠯ ᠢᠶᠠᠨ | ᠰᠠᠶᠢᠨ ᠬᠢᠵᠦ ᠴᠢᠳᠠᠨ᠎ᠠ᠃ |